☆ ᠵᠢᠯᠠᠮ·ᠮᠠᠠᠳᠤᠪᠠᠶᠠᠷ
ᠣᠩᠭ᠋ᠤᠳ
ᠰᠢᠯᠦᠭ᠌ ᠤᠨ ᠭᠡᠭᠡ ᠳᠠᠳᠠᠨ
ᠰᠡᠳᠭᠢᠯ ᠤᠨ ᠬᠠᠭᠠᠯᠭ᠎ᠠ ᠨᠡᠭᠡᠭᠡᠭ᠍ᠳᠡᠯ᠎ᠡ᠂
ᠰᠤᠪᠣᠤᠨ ᠤᠨ ᠮᠥᠭᠦᠯᠢᠭ᠌ ᠮᠠᠳᠤ ᠮᠦᠷ ᠤᠳ
ᠴᠡᠷᠢᠭ᠌ ᠤᠨ ᠵᠢᠭᠰᠠᠭᠠᠯ ᠮᠠᠳᠤ ᠵᠢᠭ᠍ᠳᠡᠷᠡᠯᠡ᠂
ᠪᠣᠳᠤᠯ ᠳᠤ ᠣᠷᠭᠤᠭᠰᠠᠨ ᠪᠦᠭᠦᠨ
ᠥᠵᠦᠭᠦᠷ ᠳᠦᠷᠦᠭᠦᠤ ᠭᠦᠯᠢᠶᠡᠯᠳᠦᠵᠤ
ᠬᠠᠰᠢᠯᠭ᠎ᠠ ᠪᠠᠨ ᠰᠡᠳᠡᠯᠦᠭ᠍ᠰᠡᠨ ᠮᠦᠷᠡᠨ ᠮᠠᠳᠤ
ᠥᠭᠡᠰ ᠤᠨ ᠰᠠᠩ ᠴᠠᠯᠭᠢᠯᠠᠯ᠎ᠠ᠂
ᠪᠣᠯᠬᠤ᠂ ᠪᠣᠯᠬᠤ ᠦᠭᠡᠶ ᠬᠤᠶᠠᠷ ᠢ
ᠣᠵᠤᠭᠤᠷ ᠰᠢᠭᠦᠭ᠍ᠰᠡᠨ ᠶᠤᠰᠤᠭᠠᠷ
ᠫᠣᠤ ᠶᠢᠨ ᠰᠤᠮᠤ ᠮᠠᠳᠤ ᠰᠦᠷᠴᠢᠭᠡᠳ
ᠢᠯᠠᠯᠳᠠ ᠶᠢᠨ ᠵᠥᠭ᠌ ᠳᠤᠪᠳᠤᠯᠠᠯᠠ᠂
ᠪᠠᠳᠠᠭ ᠪᠠᠳᠠᠭ ᠰᠢᠯᠦᠭ᠌ ᠤᠳ
ᠪᠢᠷ ᠤᠨ ᠳᠤᠤᠷ᠎ᠠ ᠠᠮᠢᠯᠠᠨ
ᠪᠠᠶᠠᠨ ᠳᠠᠩᠰᠤᠭ ᠥᠭᠡᠰ
ᠪᠠᠢ᠌ᠴᠠ ᠪᠠᠨ ᠣᠯᠤᠨ ᠣᠶᠠᠩᠭ᠋ᠠᠯᠠᠯᠠ᠂
ᠪᠦᠭᠦᠢᠭᠦ ᠶᠢ ᠮᠡᠳᠡᠭᠦ ᠦᠭᠡᠶ ᠰᠢᠯᠦᠭ᠌ ᠤᠳ
ᠡᠵᠡᠨ ᠤ ᠪᠠᠨ ᠳᠤᠭ ᠢ ᠡᠷᠭᠦᠵᠤ
ᠪᠣᠷᠤᠭᠤ ᠵᠦᠪ ᠤᠨ ᠮᠠᠷᠭᠤᠭᠠᠨ ᠳᠡᠭᠡᠷ᠎ᠡ
ᠵᠤᠭᠰᠤᠭ᠎ᠠ ᠪᠠᠷ ᠶᠢᠡᠨ ᠥᠭᠦᠭᠦ ᠭᠡᠵᠤ ᠳᠦᠷᠤᠯ᠎ᠠ᠃
2008.4.21
ᠵᠤᠬᠢᠶᠠᠭᠴᠢ ᠶᠢᠨ ᠬᠠᠶᠢᠭ ᠄ ᠰᠢᠯᠢ ᠶᠢᠨ ᠭᠤᠤᠯ ᠠᠢ᠌ᠮᠠᠭ ᠤᠨ ᠰᠢᠯᠤᠭᠤᠨ ᠭᠦᠭᠡ ᠬᠤᠰᠢᠭᠤ
ᠵᠤᠬᠢᠶᠠᠭᠴᠢ᠄ ᠵᠢᠯᠠᠮ·ᠮᠠᠠᠳᠤᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2011 ᠤᠨ ᠤ 01 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ