ᠨᠡᠪᠲᠡᠷᠡᠨ ᠤᠷᠤᠬᠤ
ᠱᠠᠭ᠎ᠠ ᠶᠢᠨ ᠢᠷᠦᠭᠡᠯ

ᠵᠧ ᠣᠮ ᠰᠠᠢ᠌ᠨ ᠠᠮᠤᠭᠤᠯᠠᠩ ᠪᠣᠯᠳᠤᠭᠠᠢ

ᠡᠩᠭᠡ ᠰᠠᠢ᠌ᠨ ᠵᠢᠷᠭᠠᠯᠠᠩ ᠪᠣᠯᠳᠤᠭᠠᠢ

ᠳᠦᠷᠤ ᠭᠦᠷᠤᠨ ᠤ ᠣᠯᠠᠮᠵᠢᠯᠠᠯ

ᠴᠠᠭᠠᠨ ᠰᠠᠷ᠎ᠠ ᠶᠢᠨ ᠠᠮᠤᠭᠤᠯᠠᠩ ᠳᠤ

ᠲᠦᠮᠡᠨ ᠢᠷᠭᠡᠨ ᠤ ᠴᠡᠩᠭᠡᠯ ᠴᠠᠭ

ᠴᠠᠭ ᠤᠨ ᠪᠠᠶᠠᠰᠬᠤᠯᠠᠩ ᠳᠤ

ᠠᠭᠯᠠᠭ ᠶᠡᠭᠡ ᠠᠭᠤᠯᠠ ᠶᠢᠨ

ᠴᠢᠨ᠋ᠸ᠎ᠠ ᠢᠷᠪᠢᠰ ᠤᠨ ᠱᠠᠭ᠎ᠠ ᠶᠢ

ᠠᠰᠬ᠎ᠠ ᠦᠨᠳᠦᠷ ᠬᠠᠳᠠᠨ ᠤ

ᠠᠷᠭᠠᠯᠢ ᠣᠭᠠᠯᠵᠠ ᠶᠢᠨ ᠱᠠᠭ᠎ᠠ ᠶᠢ

ᠠᠷᠤ ᠬᠠᠩᠭ᠋ᠠᠢ ᠶᠢᠨ ᠰᠢᠯᠢ ᠶᠢᠨ

ᠪᠣᠭᠤ ᠰᠤᠭᠤ ᠶᠢᠨ ᠱᠠᠭ᠎ᠠ ᠶᠢ

ᠠᠳᠠᠷ ᠠᠭᠤᠳᠠᠮ ᠳᠠᠯ᠎ᠠ ᠶᠢᠨ

ᠵᠡᠭᠡᠷ᠎ᠡ ᠭᠦᠷᠦᠭᠡᠰᠤᠨ ᠤ ᠱᠠᠭ᠎ᠠ ᠶᠢ

ᠪᠣᠭᠤᠷᠤᠯ ᠳᠡᠭᠡᠳᠦᠰ ᠡᠴᠡ ᠡᠰᠢ ᠲᠡᠶ

ᠪᠣᠶᠠᠠᠳᠤ ᠠᠷᠢᠶᠠᠳᠠᠨ ᠤ ᠱᠠᠭ᠎ᠠ ᠶᠢ

ᠪᠣᠭᠳᠠ ᠡᠵᠡᠨ ᠡᠴᠡ ᠣᠯᠠᠮᠵᠢᠯᠠᠯ ᠲᠡᠶ

ᠪᠣᠮᠠᠨ ᠬᠤᠨᠢᠨ ᠤ ᠱᠠᠭ᠎ᠠ ᠶᠢ

ᠠᠬᠠᠮᠠᠤᠨ ᠨᠠᠰᠤᠳᠠᠨ ᠨᠡᠷ ᠡᠭᠢᠯᠡᠭᠦᠯᠤᠨ

ᠠᠴᠢᠨᠠᠷ ᠦᠷᠠᠰ ᠨᠢ ᠳᠠᠷᠠᠭᠠᠯᠠᠭᠰᠠᠨ

ᠠᠢ᠌ᠯ ᠰᠠᠬᠠᠭᠠᠯᠳᠠ ᠪᠠᠷ ᠶᠢᠡᠨ ᠴᠤᠭᠯᠠᠷᠠᠨ

ᠠᠬ᠎ᠠ ᠳᠡᠭᠦᠦᠨᠡᠷ ᠪᠠᠶᠠᠷᠯᠠᠯᠳᠤᠨ

ᠦᠷᠦᠭᠡ ᠴᠠᠭᠠᠨ ᠭᠡᠷ ᠲᠡᠭᠡᠨ

ᠦᠯᠵᠠᠢ ᠪᠠᠯᠭᠡ ᠶᠢ ᠳᠠᠯᠠᠯᠤᠨ

ᠡᠪᠦᠭᠡᠳ ᠤᠨ ᠵᠠᠩ ᠵᠢᠷᠤᠮ ᠶᠢᠡᠷ

ᠦᠷᠭᠡᠨ ᠨᠠᠢ᠌ᠷ ᠢ ᠡᠭᠦᠰᠭᠡᠨ

ᠰᠠᠢ᠌ᠨ ᠰᠠᠢ᠌ᠬᠠᠨ ᠤ ᠪᠠᠶᠠᠷ ᠲᠤ

ᠱᠠᠭ᠎ᠠ ᠳᠤᠭᠯᠠᠭᠠᠮ ᠶᠢᠡᠨ ᠡᠭᠦᠰᠭᠡᠶ᠎ᠡ

ᠰᠠᠨᠠᠭ᠎ᠠ ᠰᠡᠳᠭᠢᠯ ᠶᠢᠡᠨ ᠠᠭᠤᠵᠢᠷᠠᠳᠠᠯ᠎ᠠ

ᠰᠠᠷᠠ ᠰᠢᠩᠭᠡᠳᠡᠯ᠎ᠡ ᠨᠠᠭᠠᠳᠤᠶ᠎ᠠ

ᠡᠪᠦᠯ ᠤᠨ ᠰᠦᠨᠢ ᠶᠢ ᠢᠴᠢᠭᠡᠵᠤ

ᠦᠷ ᠴᠠᠢ᠌ᠳᠠᠯ᠎ᠠ ᠳᠤᠭᠯᠠᠶ᠎ᠠ

ᠦᠯᠵᠠᠢ ᠭᠡᠢ ᠮᠤᠷᠢ ᠶᠢ ᠪᠠᠯᠭᠡᠳᠡᠵᠤ

ᠥᠪᠠᠳᠡᠭ᠍ᠰᠢ ᠶᠡᠭᠡ ᠨᠠᠢ᠌ᠷᠠᠯᠳᠤᠶ᠎ᠠ

ᠠᠯᠳᠠᠨ ᠱᠠᠭ᠎ᠠ ᠶᠢᠨ ᠬᠤᠠᠵᠢᠯ ᠳᠤ

ᠠᠵᠠ ᠭᠡᠢ᠌ᠮᠦᠷᠢ ᠴᠢᠨᠢ ᠳᠡᠯᠭᠡᠷᠡᠳᠦᠭᠡᠢ

ᠠᠷᠪᠠᠨ ᠴᠠᠭᠠᠨ ᠪᠣᠶᠠᠨ ᠤ

《ᠠᠵᠠ ᠶᠢᠨ ᠳᠦᠷᠪᠠ》 ᠪᠠᠭᠤᠳᠤᠭᠠᠢ︕


《ᠮᠤᠩᠭ᠋ᠤᠯ ᠰᠤᠶᠤᠯ ᠤᠨ ᠴᠤᠪᠣᠷᠠᠯ ᠪᠢᠴᠢᠭ᠌》ᠡᠴᠡ



《ᠳᠡᠯ᠎ᠡ ᠶᠢᠨ ᠳᠤᠶᠠᠭ᠎ᠠ》 ᠪᠦᠷᠭᠡ ᠡᠴᠡ ᠰᠢᠯᠵᠢᠭᠦᠯᠪᠡ᠃

ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 13991
ᠴᠠᠭ᠄ 2010 ᠤᠨ ᠤ 05 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ