ᠨᠡᠪᠲᠡᠷᠡᠨ ᠤᠷᠤᠬᠤ
ᠵᠤᠭᠤᠰ

ᠥᠩᠭᠡ ᠭᠢᠯᠪᠠᠭ᠎ᠠ ᠊ᠭ᠍‍ᠬᠢᠷ ᠪᠣᠷᠳᠠᠭ ᠤᠨ

ᠬᠠᠷᠠᠩᠭ᠋ᠤᠢ ᠰᠠᠯᠭᠢ

ᠥᠭᠡᠢ᠌ᠭᠦᠤ ᠪᠠᠶᠠᠨ ᠰᠠᠢ᠌ᠨ ᠮᠠᠭᠤ ᠶᠢᠨ

ᠵᠢᠭ᠍ᠰᠢᠭᠦᠷᠢᠳᠤ ᠭᠡᠮᠵᠢᠭᠦᠷ

ᠡᠷᠭᠡ ᠰᠦᠷ ᠤᠨ ᠭᠦᠵᠦᠭᠦᠨ ᠳᠤ ᠮᠤᠷᠳᠠᠭᠰᠠᠨ

ᠳᠡᠨᠦᠭᠦᠯᠴᠢᠨ ᠤ ᠣᠪ

ᠡᠷᠭᠢᠮᠰᠦᠭ᠌ ᠳᠡᠭ᠍ᠵᠢᠨ ᠤ ᠬᠠᠮᠠᠷ ᠢ ᠳᠦᠷᠦᠯᠡᠭ᠍ᠰᠡᠨ

ᠶᠠᠷᠭᠠᠴᠢᠨ ᠤ ᠭᠢᠳᠤᠭ᠎ᠠ

ᠢᠳᠠᠵᠤ ᠡᠮᠦᠰᠭᠦ ᠨᠠᠭᠠᠳᠴᠤ ᠵᠢᠷᠭᠠᠬᠤ ᠶᠢᠨ

ᠡᠯᠳᠡᠭᠦᠷᠴᠢᠨ ᠤ ᠰᠥᠭᠡ

ᠨᠢᠩᠵᠢᠨ ᠰᠠᠳᠭᠢ ᠬᠤᠷᠤᠨ ᠰᠠᠨᠠᠭᠠᠨ ᠤ

ᠮᠠᠯᠳᠠᠭᠤᠷᠴᠢᠨ ᠤ ᠬᠤᠭ

ᠨᠢᠯᠤᠭᠤᠨ ᠪᠢᠯᠳᠠᠤᠴᠢ ᠮᠥᠷᠳᠡᠭᠡᠨ ᠳᠤᠭᠰᠢᠨ ᠭᠠᠯᠵᠠᠭᠤ

ᠡᠨᠡ ᠪᠣᠯ ᠴᠢᠨᠤ ᠠᠬᠤᠢ ᠵᠠᠩ

ᠨᠢᠭᠦᠯ ᠭᠢᠯᠢᠠᠴᠠᠳᠠᠨ ᠮᠥᠷᠳᠡᠭᠡᠨ ᠪᠠᠰᠠ ᠪᠣᠶᠠᠨ ᠥᠭᠯᠢᠭᠡᠴᠢ

ᠡᠨᠡ ᠪᠣᠯ ᠴᠢᠨᠤ ᠵᠢᠩᠭᠢᠨᠢ ᠮᠦᠨ ᠴᠢᠨᠠᠷ

ᠡᠨ ᠊᠊᠊᠊᠊᠊᠊᠊᠊᠊᠊᠊᠊᠊᠊   ᠵᠤᠭᠤᠰ ᠡ

ᠪᠠᠢ᠌ᠷᠢ ᠰᠠᠭᠤᠷᠢ ᠭᠡᠵᠢᠶ᠎ᠡ ᠨᠢᠭᠡ ᠴᠠᠭ

ᠦᠨᠳᠦᠷ ᠰᠠᠭᠤᠳᠠᠯ ᠳᠡᠭᠡᠨ ᠵᠠᠯᠠᠵᠤ ᠮᠠᠳᠠᠨ᠎ᠠ᠃

ᠡᠭᠡᠯ ᠳᠤᠤᠷᠠᠳᠤ ᠠᠯᠢ ᠨᠢᠭᠡ ᠡᠳᠦᠷ

ᠥᠭᠡᠳᠡᠩ ᠬᠠᠠᠴᠤᠢ ᠳᠡᠭᠡᠨ ᠨᠢᠭᠤᠵᠤ ᠮᠠᠳᠠᠨ᠎ᠠ᠃

ᠳᠤᠮᠳᠠ ᠶᠢ ᠪᠠᠷᠢᠮᠳᠠᠯᠠᠭᠴᠢᠳ ᠪᠠᠰᠠ ᠵᠠᠪᠰᠢᠶᠠᠨ ᠳᠠᠮᠢᠯᠳᠠᠭᠤᠯᠵᠤ

ᠳᠡᠭᠡᠭᠦᠷ ᠳᠤᠤᠭᠤᠷ ᠴᠢᠮᠢ᠋ᠢ ᠦᠷᠠᠵᠤ ᠮᠠᠳᠠᠨ᠎ᠠ᠃

ᠭᠡᠯᠡᠭᠡᠢ ᠮᠥᠷᠳᠡᠭᠡᠨ ᠶᠠᠷᠢᠮᠠᠳᠠᠭᠠᠢ

ᠴᠢ ᠪᠣᠯ ᠭᠦᠢᠯᠭᠡᠭᠡᠨ ᠤ ᠵᠠᠭᠤᠴᠢ

ᠭᠢᠮᠡᠳᠡᠭᠡᠢ ᠮᠥᠷᠳᠡᠭᠡᠨ ᠠᠶᠤᠮᠠᠳᠠᠭᠠᠢ

ᠴᠢ ᠪᠣᠯ ᠭᠦᠮᠤᠨ ᠤ ᠵᠠᠷᠤᠳᠠᠰᠤ᠃

ᠡᠨ ᠊᠊᠊᠊᠊᠊᠊᠊᠊᠊᠊᠊᠊᠊᠊   ᠵᠤᠭᠤᠰ ᠡ ᠁

ᠵᠤᠬᠢᠶᠠᠭᠴᠢ᠄ ᠴ·ᠮᠦᠩᠭᠦᠨ‍ᠡᠷᠳᠡᠨᠢ
ᠢᠷᠡᠯᠲᠡ᠄ ᠴ·ᠮᠦᠩᠭᠦᠨ‍ᠡᠷᠳᠡᠨᠢ
ᠬᠠᠷᠢᠶ᠎ᠠ᠄ ᠰᠢᠯᠦᠭ
ᠳᠠᠷᠤᠮ᠄ 4673
ᠴᠠᠭ᠄ 2008 ᠤᠨ ᠤ 10 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ