☆ ᠮᠤᠩᠭ᠋ᠤᠯᠰᠤᠶᠤᠯ
ᠪᠣᠤ ᠮᠠᠷᠳᠠᠶ᠎ᠠ
ᠪᠣᠤ ᠮᠠᠷᠳᠠᠶ᠎ᠠ
ᠳᠡᠭᠡᠳᠦᠰ ᠮᠢᠨᠢ ᠮᠤᠩᠭ᠋ᠤᠯ ᠭᠡᠳᠡᠭ᠌ ᠶᠢᠡᠨ
ᠪᠣᠤ ᠮᠠᠷᠳᠠᠶ᠎ᠠ
ᠳᠠᠪᠠᠯ ᠤᠨ ᠵᠠᠭᠠᠮ᠎ᠠ ᠮᠢᠨᠢ ᠪᠣᠰᠤᠭ᠎ᠠ ᠭᠡᠳᠡᠭ᠌ ᠶᠢᠡᠨ
ᠪᠣᠤ ᠮᠠᠷᠳᠠᠶ᠎ᠠ
ᠦᠨᠳᠦᠰᠦᠳᠠᠨ ᠮᠢᠨᠢ ᠮᠤᠩᠭ᠋ᠤᠯ ᠭᠡᠳᠡᠭ᠌ ᠶᠢᠡᠨ
ᠪᠣᠤ ᠮᠠᠷᠳᠠᠶ᠎ᠠ
ᠥᠰᠦᠭ᠌ ᠪᠢᠴᠢᠭ᠌ ᠮᠢᠨᠢ ᠪᠣᠰᠤᠭ᠎ᠠ ᠭᠡᠳᠡᠭ᠌ ᠶᠢᠡᠨ
ᠪᠣᠤ ᠮᠠᠷᠳᠠᠶ᠎ᠠ
ᠳᠡᠷᠭᠡᠯ
ᠠᠷᠪᠠᠨ ᠳᠠᠪᠤᠨ ᠤ ᠰᠠᠷᠠᠨ ᠳᠡᠷᠭᠡᠯ
ᠠᠪᠣ ᠡᠵᠢ ᠶᠢᠨ ᠰᠤᠷᠭᠠᠯ ᠳᠡᠷᠭᠡᠯ
ᠠᠴᠢᠳᠤ ᠪᠠᠭᠰᠢ ᠶᠢᠨ ᠭᠦᠮᠦᠵᠢᠯ ᠳᠡᠷᠭᠡᠯ
ᠠᠮᠠᠷᠠᠭ ᠬᠤᠤᠰ ᠤᠨ ᠬᠠᠢ᠌ᠷ᠎ᠠ ᠳᠡᠷᠭᠡᠯ
ᠥᠷᠭᠡᠰᠤ
ᠣᠯᠠᠨ ᠤ ᠣᠯᠠ ᠶᠢ ᠬᠠᠳᠬᠤᠭᠠᠤᠨ
ᠴᠢ ᠣᠯᠵᠠᠷᠬᠠᠨᠠ
ᠲᠦᠮᠡᠨ ᠤ ᠬᠠᠷᠢᠶᠠᠯ ᠢ ᠢᠳᠡᠭᠡᠳ
ᠴᠢ ᠵᠢᠭ᠍ᠰᠢᠭ᠍ᠳᠡᠨᠡ
ᠦᠨᠡᠨ ᠳᠡᠭᠡᠨ ᠴᠢ
ᠣᠭ ᠴᠢᠨᠢ ᠮᠠᠭᠤ
ᠦᠨᠳᠦᠰᠦ ᠴᠢᠨᠢ ᠢᠯᠵᠠᠷᠬᠠᠢ
ᠥᠭᠦᠰᠢᠷᠡᠮᠡᠯ ᠮᠤᠳᠤᠨ ᠤ
ᠰᠢᠷᠭᠡᠭ᠌ ᠳᠠᠳᠤᠢ᠁
ᠣᠷᠤᠰᠬᠠᠯ
ᠮᠠᠯ ᠬᠠᠷ᠎ᠠ ᠭᠡᠵᠢᠭᠡ
ᠮᠥᠩᠭᠡ ᠪᠠᠷ ᠥᠩᠭᠡ ᠰᠤᠯᠢᠨ᠎ᠠ
ᠴᠡᠪᠠᠷᠭᠡᠨ ᠰᠠᠢ᠌ᠬᠠᠨ ᠰᠢᠷᠭᠡᠭ᠌ ᠨᠢ
ᠴᠢᠨᠠᠷ ᠨᠢ ᠬᠤᠪᠢᠷᠠᠵᠤ ᠠᠳᠤᠷᠢᠶᠠᠳᠤᠨᠠ
ᠰᠠᠯᠭᠢᠨ ᠳᠤ ᠭᠡᠢ᠌ᠰᠦᠭ᠍ᠰᠡᠨ ᠬᠠᠮᠬᠤᠤᠯ ᠰᠢᠭ
ᠰᠢᠷ᠎ᠠ ᠭᠡᠵᠢᠭᠡ ᠤᠳ ᠦᠷᠪᠦᠨᠡ
ᠰᠠᠢ᠌ᠬᠠᠨ ᠳᠦᠷᠦᠭ᠍ᠰᠡᠨ ᠨᠠᠢ᠌ᠵᠠ ᠶᠢ ᠮᠢᠨᠢ
ᠴᠠᠭ ᠤᠨ ᠣᠷᠤᠰᠬᠠᠯ ᠳᠤ ᠵᠢᠪᠪᠦᠭᠦᠯᠦᠨᠡ᠁
ᠵᠤᠬᠢᠶᠠᠭᠴᠢ ᠶᠢᠨ ᠬᠠᠶᠢᠭ ᠄ ᠵᠠᠷᠤᠳ ᠬᠤᠰᠢᠭᠤᠨ ᠤ ᠮᠤᠩᠭ᠋ᠤᠯ ᠳᠤᠷᠰᠢᠯᠳᠠ ᠶᠢᠨ ᠪᠠᠭ᠎ᠠ ᠰᠤᠷᠭᠠᠭᠤᠯᠢ
ᠵᠤᠬᠢᠶᠠᠭᠴᠢ᠄ ᠮᠤᠩᠭ᠋ᠤᠯᠰᠤᠶᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2009 ᠤᠨ ᠤ 12 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ