ᠨᠡᠪᠲᠡᠷᠡᠨ ᠤᠷᠤᠬᠤ
ᠴᠠᠢ ᠶᠢᠨ ᠴᠤᠮᠤᠨ ᠳ᠋ᠠᠭᠢ ᠦᠳᠭᠡᠨ ᠪᠦᠷᠦᠢ (ᠨᠢᠭᠡ)

                   1

ᠴᠡᠴᠡᠭ᠌ ᠥᠭᠦᠯᠡᠷᠤᠨ᠄

᠊᠊᠊᠊᠊᠊᠊᠊᠊᠊᠊᠊᠊᠊᠊ ᠦᠷ ᠤᠨ ᠰᠠᠯᠭᠢ ᠡ ︕ ᠨᠠᠮᠵᠢᠭᠤᠨ ᠪᠠᠢ᠌ᠭᠠᠴᠢ ᠡ᠂ ᠬᠠᠢ᠌ᠷᠠᠨ ᠰᠠᠢ᠌ᠬᠠᠨ ᠰᠢᠭᠦᠳᠡᠷᠢ ᠶᠢ ᠮᠢᠨᠢ ᠣᠨᠠᠭᠠᠭᠠᠤᠨ ᠪᠣᠢᠷ ᠬᠠᠭᠠᠯᠠᠴᠢᠬᠠᠯ᠎ᠠ᠂ ᠨᠢᠭᠡᠨ ᠪᠦᠰᠡᠭᠦᠢ ᠳᠡᠭᠦᠨ ᠢ ᠳᠡᠭᠦᠵᠤ ᠡᠵᠢ ᠳᠤ ᠪᠠᠨ ᠴᠠᠢ ᠴᠢᠨᠠᠬᠤ ᠭᠡᠰᠡᠨ ᠶᠤᠮ ᠡ ︕

                     2

ᠴᠤᠮᠤ ᠲᠡᠶ ᠴᠠᠢ ᠳᠤ ᠪᠠᠨ ᠦᠳᠭᠡᠨ ᠪᠦᠷᠦᠢ ᠡᠴᠡ ᠭᠡᠯᠳᠡᠯᠡᠨ ᠭᠢᠵᠤ ᠣᠭᠤᠴᠢᠯᠠᠵᠤ ᠰᠠᠭᠤᠬᠤ ᠳᠤ ᠬᠠᠮᠢᠭ᠎ᠠ ᠡᠴᠡ ᠴᠤ ᠶᠤᠮ ᠡᠷᠳᠡᠨ ᠤ ᠨᠢᠭᠡᠨ ᠢᠨᠠᠭ ᠤᠨ ᠳᠠᠭᠤᠤ ᠠᠨᠢᠷᠳᠠᠨ᠎ᠠ ᠊᠊᠊᠊᠊᠊᠊᠊᠊᠊᠊᠊᠊᠊᠊ ᠳᠠᠭᠤᠤ ᠳᠤ ᠣᠶᠠᠷᠠᠭᠰᠠᠨ ᠰᠡᠳᠭᠢᠯ ᠮᠢᠨᠢ ᠴᠤ ᠭᠦᠷᠡᠩᠳᠡᠨ᠎ᠡ᠃

ᠣᠳᠠᠯ ᠦᠭᠡᠶ ᠳᠠᠰᠤ ᠬᠠᠷᠠᠩᠭ᠋ᠤᠢ ᠰᠦᠨᠢ ᠪᠣᠯᠤᠨ᠎ᠠ ᠰᠢᠤ ︕

                     3

ᠲᠦᠯᠡᠭᠡ ᠮᠤᠳᠤ ᠨᠤᠴᠤᠵᠤ ᠡᠭᠢᠯᠡᠭᠦ ᠳᠤ ᠯᠠ ᠭᠠᠯ ᠴᠡᠴᠡᠭ᠌ ᠳᠡᠯᠭᠡᠷᠡᠨ᠎ᠡ᠃ ᠳᠠ ᠮᠢᠨᠢ ᠪᠢᠳᠡᠭᠡᠢ ᠲᠦᠯᠡᠭᠡ ᠪᠠᠨ ᠭᠦᠭ᠍ᠵᠢᠨ ᠴᠡᠴᠡᠭᠯᠡᠯ᠎ᠡ ᠭᠡᠵᠤ ᠪᠠᠶᠠᠷᠯᠠᠭᠠᠴᠢ ︕ ᠦᠨᠡᠨ ᠳᠤ ᠪᠠᠨ ᠳᠠᠷᠠ ᠴᠢᠨᠢ ᠮᠥᠭᠦᠵᠤ ᠪᠠᠢ᠌ᠭ᠎ᠠ ᠶᠤᠮ ᠰᠢᠤ᠃

                     4

ᠬᠠᠳᠠᠨ ᠳᠡᠭᠡᠷ᠎ᠡ᠂ ᠮᠤᠳᠤᠨ ᠳᠡᠭᠡᠷ᠎ᠡ ᠵᠠᠯᠠᠭᠤᠰ ᠤᠨ 《ᠬᠠᠢ᠌ᠷᠠᠳᠠᠢ》 ᠭᠡᠰᠡᠨ ᠪᠢᠴᠢᠭᠡᠰᠤ ᠬᠠᠷᠠᠭᠳᠠᠭᠠᠤᠨ ᠯᠠ ᠪᠠᠢ᠌ᠬᠤ ᠶᠤᠮ ᠡ᠃ ᠨᠥᠭᠦᠭᠡᠳᠡᠭᠢ ᠶᠢᠨ ᠶᠢᠡᠨ ᠰᠡᠳᠭᠢᠯ ᠳᠡᠭᠡᠷ᠎ᠡ ᠨᠢ ᠰᠠᠢ᠌ᠯᠪᠣᠷᠢᠯᠠᠵᠤ ᠴᠢᠳᠠᠭᠰᠠᠨ ᠪᠠᠢ᠌ᠭᠠᠰᠠᠢ ︕

                     5

ᠨᠠᠮᠤᠷ ᠤᠨ ᠰᠠᠯᠭᠢᠨ ᠳᠤ ᠨᠠᠢ᠌ᠭᠤᠬᠤ ᠡᠪᠠᠰᠤᠨ ᠳᠤ ᠰᠢᠮᠠᠭᠤᠯ ᠭᠡᠯᠡᠵᠤ ᠭᠡᠨ᠎ᠡ᠄

᠊᠊᠊᠊᠊᠊᠊᠊᠊᠊᠊᠊᠊᠊᠊ ᠪᠢ ᠯᠠ ᠳᠠᠳᠠᠵᠤ ᠪᠠᠢ᠌ᠵᠤ ᠴᠢᠮ᠎ᠠ ᠶᠢ ᠭᠡᠢ᠌ᠰᠭᠡᠭ᠍ᠰᠡᠨ ᠦᠭᠡᠶ ᠳ᠋ᠠ᠃

ᠲ᠋ᠡᠭᠡᠭᠦ ᠳᠤ ᠡᠪᠠᠰᠤ ᠨᠢ ᠬᠠᠷᠢᠭᠤ ᠭᠡᠯᠡᠳᠡᠭ᠌ ᠶᠤᠮ ᠪᠠᠢ᠌ᠨ᠎ᠠ᠄

᠊᠊᠊᠊᠊᠊᠊᠊᠊᠊᠊᠊᠊᠊᠊ ᠨᠠᠳᠠ ᠲᠡᠶ ᠵᠢᠭᠤᠷᠠᠯᠳᠤᠭᠰᠠᠨ ᠪᠣᠯᠬᠤᠷ ᠯᠠ ᠳᠠ ᠭᠡᠢ᠌ᠰᠴᠤ ᠣᠳᠤᠭᠰᠠᠨ ᠦᠭᠡᠶ ᠳ᠋ᠠ᠃

                     6

ᠬᠠᠷᠠᠩᠭ᠋ᠤᠢ ᠶᠢᠨ ᠳᠤᠮᠳᠠᠭᠤᠷ ᠪᠢ ᠭᠠᠭᠴᠠᠭᠠᠷ ᠠᠶᠠᠯᠠᠨ᠎ᠠ᠃ ᠠᠷᠤ ᠳᠤ ᠮᠢᠨᠢ ᠶᠠᠭᠤ ᠴᠤ ᠶᠤᠮ᠂ ᠱᠠᠷ ᠱᠠᠷ ᠳᠤᠤᠭᠠᠷᠬᠤ ᠨᠢ ᠠᠶᠤᠳᠠᠰ ᠲᠡᠶ᠃

ᠪᠢ ᠶᠠᠭᠠᠭᠢᠭᠰᠠᠨ ᠴᠤ ᠬᠣᠢ᠌ᠰᠢ ᠬᠠᠷᠠᠵᠤ ᠮᠦᠷᠤᠨ ᠳᠡᠭᠡᠷ᠎ᠡ ᠮᠢᠨᠢ ᠠᠰᠠᠵᠤ ᠪᠠᠢ᠌ᠭ᠎ᠠ ᠭᠡᠢ᠌ᠮᠦᠷᠢ ᠶᠢᠨ ᠵᠤᠯᠠ ᠪᠠᠨ ᠣᠠᠳᠠᠷᠭᠠᠬᠤ ᠦᠭᠡᠶ ᠳ᠋ᠠ ︕

                     7

ᠨᠠᠮᠤᠷ ᠤᠨ ᠰᠦᠨᠢ ᠳᠤᠭᠣᠢ᠌ᠬᠠᠨ ᠰᠠᠭᠤᠵᠤ ᠠᠷᠢᠭᠢᠳᠠᠬᠤ ᠳᠤ ᠨᠠᠮ ᠭᠦᠮ ᠨᠠᠮ᠎ᠠ ᠶᠢ ᠪᠦᠰᠡᠯᠡᠵᠤ ᠢᠷᠡᠭᠦ ᠨᠢ ᠤᠢ᠌ᠳᠬᠠᠷ ᠢ ᠣᠯᠠᠮ ᠨᠡᠮᠡᠭ᠍ᠳᠡᠭᠦᠯᠤᠨ᠎ᠡ᠃

ᠬᠠᠷᠢᠨ ᠭᠠᠵᠠᠷ ᠳᠦᠭᠦᠷᠡᠩ ᠠᠰᠬᠠᠷᠠᠭᠰᠠᠨ ᠰᠠᠷᠠᠨ ᠤ ᠭᠡᠷᠡᠯ ᠢ ᠯᠢ ᠪᠠᠢ ᠶᠢᠨ ᠰᠢᠯᠦᠭ᠌ ᠤᠨ ᠭᠡᠮᠭᠡᠳᠡᠭ᠌ ᠭᠡᠮᠡᠨ ᠪᠣᠳᠤᠬᠤ ᠳᠤ ᠬᠤᠷᠮᠣᠢ᠌ᠯᠠᠵᠤ ᠠᠪᠣᠭᠠᠤᠨ ᠣᠳᠤᠮᠠᠷ ᠰᠠᠨᠠᠭᠳᠠᠨ᠎ᠠ᠃


ᠵᠤᠬᠢᠶᠠᠭᠴᠢ ᠶᠢᠨ ᠬᠠ‍‌ᠶᠢᠭ ᠄ ᠠᠷᠤ ᠬᠤᠷᠴᠢᠨ ᠬᠤᠰᠢᠭᠤᠨ ᠤ ᠴᠢᠪᠠᠭ᠎ᠠ ᠶᠢᠨ ᠬᠤᠶᠠᠳᠤᠭᠠᠷ ᠳᠤᠮᠳᠠᠳᠤ ᠰᠤᠷᠭᠠᠭᠤᠯᠢ

ᠵᠤᠬᠢᠶᠠᠭᠴᠢ᠄ ᠭᠠ᠊·ᠪᠦᠳᠦᠭᠡᠭ᠍ᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2636
ᠴᠠᠭ᠄ 2011 ᠤᠨ ᠤ 07 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ