ᠨᠡᠪᠲᠡᠷᠡᠨ ᠤᠷᠤᠬᠤ
ᠳᠡᠭ᠍ᠷᠢ
᠊᠊᠊᠊᠊᠊᠊᠊᠊᠊᠊᠊᠊᠊᠊ ᠳᠠᠭᠤᠴᠢᠨ ᠳᠡᠭ᠍ᠷᠢ ᠳ᠋ᠤ

ᠪᠢᠯᠢᠭ᠌ ᠶᠢᠡᠷ ᠬᠤᠭᠤᠯᠠᠢ ᠪᠠᠨ ᠬᠤᠷᠴᠠᠯᠠᠭᠰᠠᠨ

ᠪᠢᠳᠡᠭᠦᠤ ᠬᠤᠤᠵᠠ ᠲᠡᠶ ᠣᠷᠠᠯᠢᠭᠴᠢᠨ ᠪᠣᠶᠤ

《ᠪᠢ ᠮᠤᠩᠭ᠋ᠤᠯ ᠭᠦᠮᠤᠨ》 ᠵᠢᠠᠨ

ᠪᠦᠮᠪᠦᠷᠴᠡᠭ᠌ ᠲᠤ ᠳᠠᠭᠤᠯᠠᠵᠤ ᠠᠯᠳᠠᠷᠰᠢᠭᠰᠠᠨ

ᠪᠦᠭᠦᠢ ᠮᠤᠩᠭ᠋ᠤᠯ ᠤᠨ ᠳᠤᠷᠠᠳᠬᠠᠯ ᠪᠣᠯᠤᠶᠤ ᠴᠢ

ᠬᠠᠷᠢ ᠶᠢᠨ ᠣᠯᠠᠨ ᠢ ᠪᠢᠰᠢᠷᠡᠭᠦᠯᠵᠤ

ᠬᠠᠯᠬ᠎ᠠ ᠶᠢᠨ ᠥᠡᠳᠦᠷᠯᠢᠭ᠌ ᠳᠡᠭᠡᠷ᠎ᠡ ᠳᠤᠭᠤᠰᠤ ᠭᠦᠳᠡᠯᠭᠡᠨ

《ᠭᠠᠩᠭ᠋ᠠᠩ ᠬᠠᠷ᠎ᠠ》 ᠪᠠᠷ ᠳᠠᠪᠭᠢᠭᠤᠯᠤᠭᠰᠠᠨ

ᠭᠠᠵᠠᠷ ᠤᠨ ᠳᠡᠭᠡᠷ᠎ᠡ ᠳᠡᠭ᠍ᠷᠢ ᠶᠢᠨ ᠳᠤᠤᠷ᠎ᠠ

《ᠠᠪᠣ ᠪᠢᠳᠠ ᠬᠤᠶᠠᠷ》 ᠪᠦᠷ

ᠠᠭᠤᠤ ᠶᠡᠭᠡ ᠭᠡᠵᠤ ᠳᠤᠩᠬᠠᠭᠯᠠᠭᠰᠠᠨ

ᠨᠠᠷ᠎ᠠ ᠲᠡᠶ ᠪᠠᠨ ᠠᠳᠠᠯᠢ ᠮᠠᠠᠳᠤᠭᠰᠠᠨ

ᠨᠢᠭᠡᠨ ᠦᠶ᠎ᠡ ᠶᠢᠨ ᠣᠳᠤᠨ ᠳᠠᠭᠤᠴᠢᠨ ᠪᠣᠶᠤ

ᠨᠢᠳᠠᠷ ᠲᠡᠭᠡᠨ ᠭᠠᠭᠴᠠ ᠮᠤᠩᠭ᠋ᠤᠯ ᠶᠢᠡᠨ ᠣᠶᠠᠩᠭ᠋ᠠᠰᠢᠭᠤᠯᠤᠭᠰᠠᠨ

ᠨᠡᠭᠡᠷᠡᠨ ᠪᠢᠳᠠᠨ ᠤ ᠰᠤᠳᠤᠨ ᠳᠡᠭ᠍ᠷᠢ ᠳᠠ ᠪᠢᠯᠠ


ᠵᠤᠬᠢᠶᠠᠭᠴᠢ ᠶᠢᠨ ᠬᠠᠶ‍ᠢᠭ ᠄ ᠣᠷᠠᠤᠨ ᠤᠨ ᠬᠣᠢ᠌ᠳᠤ ᠬᠤᠰᠢᠭᠤ

ᠵᠤᠬᠢᠶᠠᠭᠴᠢ᠄ ᠤᠷᠲᠤ‍ᠮᠦ᠋ᠷᠡᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2636
ᠴᠠᠭ᠄ 2010 ᠤᠨ ᠤ 05 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ