ᠨᠡᠪᠲᠡᠷᠡᠨ ᠤᠷᠤᠬᠤ
ᠠᠳᠤᠭᠤᠨ ᠳᠤ ᠬᠤᠯᠪᠣᠭᠳᠠᠭᠰᠠᠨ ᠵᠣᠢ᠌ᠷ ᠰᠠᠴᠠᠨ ᠥᠭᠡᠰ

ᠠᠳᠤᠭᠤᠨ ᠳᠤ ᠥᠭᠡᠢ ᠡᠡᠵᠢᠷᠭ᠎ᠠ

ᠡᠡᠪᠡ ᠪᠠᠷ ᠥᠭᠡᠢ ᠨᠤᠬᠠᠢ


ᠠᠷᠢᠭᠢᠴᠢᠨ ᠤ ᠮᠤᠷᠢ ᠲ᠋ᠤᠷᠠᠳᠠᠭ

ᠳᠠᠷᠪᠠᠭᠠᠴᠢᠨ ᠤ ᠮᠤᠷᠢ ᠲ᠋ᠠᠷᠭᠤᠯᠠᠳᠠᠭ


ᠡᠡᠶᠡᠨ ᠤ ᠭᠦᠮᠤᠨ ᠲ᠋ᠠᠶᠠᠭ ᠴᠢᠷᠴᠤ

ᠡᠡᠳᠦᠭᠤᠨ ᠤ ᠭᠦᠮᠤᠨ ᠤᠷᠭ᠎ᠠ ᠴᠢᠷᠦᠨ᠎ᠡ


ᠠᠷᠭᠠᠯᠢ ᠶᠢᠨ ᠡᠪᠠᠷ ᠲ᠋ᠡᠮᠡᠭᠡᠨ ᠳᠤ ᠭᠡᠷᠡᠭ᠌ ᠥᠭᠡᠢ

ᠡᠡᠳᠦᠭᠤᠨ ᠤ ᠰᠡᠭᠦᠯ ᠢᠮᠠᠭᠠᠨ ᠳᠤ ᠭᠡᠷᠡᠭ᠌ ᠥᠭᠡᠢ᠃


ᠡᠡᠳᠦᠭᠤ ᠰᠥᠷᠦᠭ᠌ ᠶᠢᠡᠷ

ᠭᠦᠮᠤᠨ ᠰᠥᠵᠢᠭ᠌ ᠶᠢᠡᠷ᠃


ᠡᠡᠵᠢᠷᠭ᠎ᠠ ᠤᠨᠤᠪᠠᠯ ᠭᠡᠭᠦᠤ ᠬᠤᠰᠠᠷᠠᠨ᠎ᠠ

ᠠᠴᠢ ᠶᠠᠷᠢᠪᠠᠯ ᠲ᠋ᠤᠰᠠ ᠬᠠᠷᠢᠨ᠎ᠠ


ᠡᠷ᠎ᠡ ᠪᠠᠨ ᠳᠠᠭᠠᠭᠠᠬᠤ ᠥᠭᠡᠢ ᠡᠮ᠎ᠡ ᠥᠭᠡᠢ

ᠡᠮᠡᠭᠡᠯ ᠶᠢᠡᠨ ᠳᠠᠭᠠᠭᠠᠬᠤ ᠥᠭᠡᠢ ᠮᠤᠷᠢ ᠥᠭᠡᠢ


ᠡᠭᠡᠷᠡᠮ᠎ᠡ ᠲ᠋ᠡᠯ᠎ᠡ ᠳᠤ ᠮᠤᠷᠢᠨ ᠡᠴᠡ ᠪᠠᠨ ᠰᠡᠯᠬᠤ ᠭᠡᠴᠡᠭᠦᠤ

ᠡᠷ᠎ᠡ ᠲ᠋ᠦᠮᠳᠡ ᠨᠡᠰᠤᠨ ᠳᠤ ᠡᠭᠡᠨᠡᠷ ᠡᠴᠡ ᠪᠠᠨ ᠰᠡᠯᠬᠤ ᠭᠡᠴᠡᠭᠦᠤ


ᠡᠳᠦᠷ ᠲ᠋ᠤ ᠪᠠᠨ ᠲ᠋ᠡᠪᠭᠢᠭᠰᠡᠨ ᠮᠤᠷᠢ ᠡᠵᠡᠨ ᠳᠤ ᠪᠠᠨ ᠢᠨᠠᠭ

ᠥᠭᠡᠨ ᠳ᠋ᠤ ᠭᠦᠷᠦᠭ᠍ᠰᠡᠨ ᠭᠦᠮᠤᠨ ᠡᠭᠦᠷᠢᠳᠡ ᠶᠢᠨ ᠢᠨᠠᠭ


ᠢᠵᠢᠯᠢ ᠪᠠᠨ ᠠᠯᠳᠠᠭᠰᠠᠨ ᠮᠤᠷᠢ ᠢᠠᠴᠠᠭᠠᠵᠤ

ᠢᠨᠠᠭ ᠶᠢᠡᠨ ᠡᠡᠯᠳᠡᠭᠰᠡᠨ ᠭᠦᠮᠤᠨ ᠭᠦᠳᠦᠷᠡᠨ᠎ᠡ


ᠢᠯᠠ ᠭᠠᠵᠠᠷ ᠮᠤᠷᠢ ᠪᠠᠨ ᠣᠶᠠᠵᠤ

ᠢᠳᠡᠭᠡᠯ ᠲ᠋ᠡᠢ ᠭᠦᠮᠤᠨ ᠳᠤ ᠥᠭᠡ ᠪᠠᠨ ᠭᠡᠯᠡ


ᠠᠭᠤᠷ ᠲ᠋ᠡᠢ ᠭᠦᠮᠤᠨ ᠢ ᠡᠡᠷᠭ᠎ᠠ ᠪᠠᠷ

ᠣᠷᠤᠭ᠎ᠠ ᠮᠤᠷᠢ ᠶᠢ ᠣᠷᠭ᠎ᠠ ᠪᠠᠷ ᠪᠠᠷᠢᠨ᠎ᠠ


ᠤᠨᠤᠵᠤ ᠴᠢᠳᠡᠪᠠᠯ ᠮᠤᠷᠢ ᠡᠷᠳᠡᠨᠢ

ᠤᠬᠠᠵᠤ ᠴᠢᠳᠡᠪᠠᠯ ᠥᠭᠡ ᠡᠷᠳᠡᠨᠢ


ᠣᠨᠤᠭᠠᠤᠨ ᠲ᠋ᠠᠯᠪᠢᠭᠰᠠᠨ ᠠᠵᠢᠷᠭ᠎ᠠ ᠰᠢᠭ

ᠣᠶᠠᠭ᠎ᠠ ᠡᠴᠡ ᠠᠯᠳᠠᠷᠠᠭᠰᠠᠨ ᠨᠤᠬᠠᠢ ᠰᠢᠭ


ᠤᠷᠭᠠᠵᠢᠭ᠎ᠠ ᠥᠭᠡᠢ ᠡᠮᠨᠢᠭ᠌ ᠮᠤᠷᠢ

ᠤᠬᠠᠭᠠᠷᠠᠭ᠎ᠠ ᠥᠭᠡᠢ ᠪᠠᠭ᠎ᠠ ᠨᠠᠰᠤ


ᠤᠨᠤᠨ ᠪᠦᠳᠦᠷᠢᠭᠦ ᠮᠤᠷᠢ ᠮᠠᠭᠤᠬᠠᠢ

ᠤᠨᠳᠠᠭᠠᠳ ᠰᠡᠷᠢᠭᠦ ᠥᠭᠡᠢ ᠪᠠᠷᠢ ᠮᠠᠭᠤᠬᠠᠢ

ᠵᠤᠬᠢᠶᠠᠭᠴᠢ᠄ ᠮᠠᠩᠭ᠋ᠤᠳ·ᠮᠥᠩᠭᠦᠡᠰᠡᠩ
ᠢᠷᠡᠯᠲᠡ᠄ ᠨᠤᠮᠢᠨᠭᠡᠷᠡᠯ ᠬᠠᠩᠭ᠋ᠠᠪᠠ
ᠬᠠᠷᠢᠶ᠎ᠠ᠄ ᠰᠤᠶᠤᠯ ᠣᠷᠠᠯᠢᠭ
ᠳᠠᠷᠤᠮ᠄ 17020
ᠴᠠᠭ᠄ 2007 ᠤᠨ ᠤ 11 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ