ᠨᠡᠪᠲᠡᠷᠡᠨ ᠤᠷᠤᠬᠤ
ᠣᠳᠤᠳ ᠲᠤ ᠵᠠᠭᠢᠭᠰᠠᠨ ᠵᠠᠭᠢᠶ᠎ᠠ

ᠰᠠᠢ᠌ᠬᠠᠨ ᠬᠠᠨ᠎ᠠ ᠲᠡᠶ ᠭᠡᠷ ᠵᠢᠠᠨ

ᠰᠠᠷᠠᠨ ᠳᠡᠭᠡᠷ᠎ᠡ ᠪᠠᠷᠢᠬᠤ ᠶᠤᠮᠰᠠᠨ

ᠰᠠᠭᠠᠯᠢ ᠶᠢᠨ ᠮᠤᠩᠭ᠋ᠤᠯ ᠠᠮᠢᠳᠤᠷᠠᠯ ᠵᠢᠠᠨ

ᠰᠠᠷᠠᠨ ᠳᠡᠭᠡᠷ᠎ᠡ ᠰᠥᠯᠡᠭᠦ ᠶᠤᠮᠰᠠᠨ

ᠰᠠᠶ᠎ᠠ ᠲᠦᠮᠡᠨ ᠣᠳᠤᠳ ᠲᠤ ᠪᠢ

ᠰᠠᠶ‍ᠢ ᠶᠢᠨ ᠵᠠᠭᠢᠶ᠎ᠠ ᠪᠠᠨ ᠢᠯᠡᠭᠡᠭ᠍ᠰᠡᠨ ᠶᠤᠮ᠃

ᠡᠭᠦᠯᠡᠰ ᠭᠦᠯᠦᠭᠯᠡᠵᠤ ᠪᠠᠭᠤᠴᠠ ᠥᠡᠳᠡᠢ᠌ᠭᠡᠳ

ᠡᠷᠦᠭᠡ ᠪᠠᠨ ᠳᠠᠠᠳᠠ ᠰᠡᠭᠦᠵᠤ

ᠦᠨᠢ ᠮᠥᠩᠭᠡ ᠶᠢᠨ ᠵᠠᠶᠠᠭ᠎ᠠ ᠪᠠᠨ

ᠰᠠᠷᠠᠨ ᠨᠤᠳᠤᠭ ᠶᠢᠡᠷ ᠰᠠᠨᠠᠵᠤ

ᠰᠦᠨᠢ ᠶᠢᠨ ᠭᠢᠯᠠᠯᠵᠠᠮ᠎ᠠ ᠣᠳᠤᠳ ᠲᠤ ᠪᠢ

ᠰᠥᠷᠦᠭ᠌ ᠤᠨ ᠪᠠᠯᠴᠢᠭᠡᠷ ᠡᠴᠡ ᠵᠠᠭᠢᠭᠰᠠᠨ ᠶᠤᠮ᠃

ᠠᠽᠢᠶ᠎ᠠ ᠶᠢᠨ ᠭᠦᠷᠦᠰᠦᠨ ᠳᠤ ᠳᠠᠮᠠᠭᠠᠯᠠᠭᠰᠠᠨ

ᠠᠭᠳᠠ ᠶᠢᠨ ᠭᠠᠩ ᠳᠤᠭᠤᠷᠠᠢ ᠵᠢ

ᠰᠠᠷᠠᠨ ᠪᠦᠮᠪᠦᠷᠴᠡᠭ᠌ ᠤᠨ ᠭᠦᠷᠦᠰᠤᠨ ᠳ᠋ᠤ

ᠰᠠᠨᠠᠵᠤ ᠣᠷᠠᠨ ᠨᠡᠭᠦᠯᠭᠡᠭᠦ ᠪᠠᠷ

ᠰᠥᠷᠦᠭ᠌ ᠤᠨ ᠢᠠᠴᠠᠭᠠᠨ ᠤ ᠳᠡᠷᠭᠡᠳᠡ ᠡᠴᠡ ᠪᠢ

ᠣᠷᠭ᠎ᠠ ᠪᠠᠨ ᠳᠤᠯᠵᠤ ᠰᠢᠪᠠᠨᠡᠭ᠍ᠰᠡᠨ ᠶᠤᠮ᠃


ᠵᠤᠬᠢᠶᠠᠭᠴᠢ ᠶᠢᠨ ᠬᠠᠶ‍ᠢᠭ ᠄ ᠠᠷᠤ ᠬᠤᠷᠴᠢᠨ

ᠵᠤᠬᠢᠶᠠᠭᠴᠢ᠄ ᠷᠠ᠊·ᠥᠯᠵᠡᠢ᠌ᠳᠡᠯᠭᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2642
ᠴᠠᠭ᠄ 2009 ᠤᠨ ᠤ 12 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ