☆ ᠳᠠᠯᠠᠢ
ᠰᠢᠪᠠᠭᠤ
ᠡᠷᠭᠡ ᠴᠢᠯᠦᠭᠡ ᠵᠢ
ᠣᠭᠳᠠᠷᠭᠤᠢ ᠳᠤ ᠵᠢᠷᠤᠭᠰᠠᠨ
ᠵᠢᠭᠦᠷ ᠲᠡᠶ ᠨᠠᠪᠴᠢ
ᠨᠠᠷᠠᠨ ᠤ ᠰᠤᠷᠠᠭ ᠢ
ᠬᠤᠰᠢᠭᠤ ᠳᠠᠭᠠᠨ ᠵᠠᠭᠤᠭᠰᠠᠨ
ᠲᠡᠭᠷᠢ ᠶᠢᠨ ᠵᠠᠭᠢᠳᠠᠯ
ᠡᠭᠦᠯᠡ ᠰᠠᠮᠨᠠᠵᠤ
ᠬᠤᠷ᠎ᠠ ᠶᠢ ᠣᠷᠢᠭᠰᠠᠨ
ᠣᠳᠤᠳ ᠤᠨ ᠵᠢᠷᠭᠢᠭᠡ
ᠣᠰᠤᠨ ᠤ ᠭᠡᠯᠡ ᠪᠠᠷ
ᠪᠠᠢ᠌ᠭᠠᠯᠢ ᠳᠠᠭᠠᠨ ᠠᠨᠢᠪᠴᠢᠭᠰᠠᠨ
ᠭᠡᠷᠡᠯ ᠤᠨ ᠰᠤᠷᠮᠤᠤᠰᠤ
ᠦᠯᠦᠨ ᠰᠤᠮᠤᠨ ᠳ᠋ᠤ
ᠮᠦᠴᠢᠷ ᠡᠴᠠ ᠤᠢ᠌ᠴᠢᠭᠰᠠᠨ
ᠡᠮᠭᠦ ᠮᠢᠬ᠎ᠠ
ᠭᠦᠮᠤᠨ ᠤ ᠭᠦᠨᠦᠭᠡᠯ ᠵᠢᠠᠷ
ᠳᠡᠯᠡᠭᠡᠢ ᠳᠤ ᠬᠤᠪᠣᠷᠳᠠᠭᠰᠠᠨ
ᠠᠮᠢᠨ ᠭᠤᠨᠢᠭ
ᠵᠤᠬᠢᠶᠠᠭᠴᠢ ᠶᠢᠨ ᠬᠠᠶᠢᠭ ᠄ ᠠᠯᠠᠱᠠ ᠠᠢ᠌ᠮᠠᠭ ᠤᠨ ᠦᠨᠳᠦᠰᠦᠳᠠᠨ ᠭᠡᠷᠡᠭ᠌ ᠡᠷᠭᠢᠯᠡᠭᠦ ᠳᠤᠪᠴᠢᠷᠠ
ᠵᠤᠬᠢᠶᠠᠭᠴᠢ᠄ ᠳᠠᠯᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2011 ᠤᠨ ᠤ 04 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ