☆ ᠳ·ᠭᠦᠭᠡᠮᠦ᠋ᠷᠡᠨ
ᠬᠠᠮᠠᠷ ᠰᠢᠯᠦᠭ᠌
ᠬᠤᠤᠰ ᠠᠯᠠᠭ ᠨᠢᠳᠤᠨ ᠤ ᠳᠤᠤᠷ᠎ᠠ
ᠬᠠᠮᠠᠷ ᠳᠠ ᠰᠠᠭᠠᠳᠠᠨ
ᠬᠤᠷᠸ᠎ᠠ ᠶᠢᠨ ᠦᠨᠦᠷ ᠪᠦᠭᠦᠨ ᠢ ᠣᠷᠢᠳᠠᠪᠠᠷ ᠳᠠ ᠦᠨᠦᠷᠳᠤᠨ
ᠭᠦᠮᠤᠨ ᠤ ᠪᠠᠶ᠎ᠠ ᠶᠢᠨ ᠡᠷᠭᠡᠳᠡᠨ ᠳᠤ ᠪᠣᠰᠤᠭ᠎ᠠ ᠴᠤᠯᠠ ᠲᠡᠶ ᠳᠠᠨ ᠳᠤ
ᠭᠦᠮᠤᠨ ᠪᠣᠯᠤᠭᠰᠠᠨ ᠤ ᠬᠤᠪᠢ ᠡᠴᠡ ᠭᠦᠰᠡᠯ ᠪᠣᠳᠤᠯ ᠶᠢᠡᠨ ᠭᠡᠯᠡᠶ᠎ᠡ ︕
ᠠᠯᠠᠭᠠᠷ ᠪᠠᠭ᠎ᠠ ᠶᠢᠨ ᠦᠶ᠎ᠡ ᠳᠤ ᠣᠭᠤᠷᠠᠭ ᠤᠨ ᠦᠨᠦᠷ ᠢ ᠢᠯᠭᠠᠵᠤ
ᠠᠰ ᠲᠠᠭᠠᠨ ᠡᠭᠡ ᠶᠢᠨ ᠰᠦ᠋ ᠶᠢ ᠮᠡᠳᠡᠭᠡ ᠦᠭᠡᠶ ᠨᠠᠮ᠎ᠠ ᠳᠤ ᠮᠡᠳᠡᠭᠦᠯᠤᠨ
ᠠᠪᠣ ᠶᠢᠨ ᠪᠠᠶ᠎ᠠ ᠡᠴᠡ ᠬᠠᠩᠬᠤᠯᠤᠭᠰᠠᠨ ᠭᠦᠯᠦᠰᠤᠨ ᠤ ᠰᠤᠳᠤᠨ ᠦᠨᠦᠷ ᠢ
ᠠᠷᠪᠠ ᠭᠦᠷᠦᠭᠡ ᠦᠭᠡᠶ ᠨᠠᠰᠤᠨ ᠳᠤ ᠮᠢᠨᠢ ᠳᠠᠮᠠᠭ᠎ᠠ ᠰᠢᠭ᠌ ᠨᠠᠮ᠎ᠠ ᠳᠤ ᠳᠠᠨᠢᠭᠤᠯᠤᠨ
ᠨᠠᠢ᠌ᠷ ᠤᠨ ᠡᠭᠢᠨ ᠳᠤ ᠳᠦᠷᠦᠭᠦᠯᠦᠭ᠍ᠰᠡᠨ ᠨᠤᠮᠤᠬᠠᠨ ᠪᠣᠭᠤᠷᠤᠯ ᠤᠨ ᠦᠨᠦᠷ ᠢ
ᠠᠢ᠌ᠷᠠᠭ ᠤᠨ ᠰᠤᠳᠤᠨ ᠰᠡᠩᠭᠢᠨᠡᠭᠦᠨ ᠲᠡᠶ ᠠᠮᠢᠯᠠᠭᠤᠯᠵᠤ ᠨᠠᠮ᠎ᠠ ᠳᠤ ᠮᠡᠳᠡᠭᠦᠯᠤᠨ
ᠨᠠᠰᠤᠳᠠᠨ ᠪᠣᠭᠤᠷᠠᠯ ᠤᠨ ᠰᠡᠷᠵᠢᠮᠯᠡᠭ᠍ᠰᠡᠨ ᠠᠷᠠᠵᠠᠨ ᠤ ᠳᠤᠭᠰᠢᠨ ᠬᠠᠩᠬᠤᠯᠠᠭᠤᠨ ᠢ
ᠨᠠᠢ᠌ᠷᠠᠭ ᠤᠨ ᠭᠠᠰᠠᠩ ᠡᠮᠭᠡᠨᠢᠯ ᠲᠡᠶ ᠢᠯᠭᠠᠨ ᠨᠠᠮ᠎ᠠ ᠳᠤ ᠳᠠᠨᠢᠭᠤᠯᠤᠨ
ᠠᠳᠠᠭ᠎ᠠ ᠭᠢᠰᠤᠯ ᠡᠴᠡ ᠬᠠᠩᠬᠤᠯᠤᠭᠰᠠᠨ ᠠᠳᠬᠠᠭ ᠳᠠᠷᠠ ᠦᠨᠦᠷ ᠢ
ᠠᠮᠢ ᠬᠤᠪᠢ ᠪᠠᠨ ᠪᠣᠳᠤᠭᠰᠠᠨ ᠬᠤᠪᠢᠠᠴᠢᠷ ᠳᠠᠷᠠ ᠰᠡᠩᠭᠢᠨᠡᠭᠦᠨ ᠢ
ᠮᠥᠩᠭᠦ ᠵᠤᠭᠤᠰ ᠭᠡᠵᠤ ᠣᠯᠠᠢ᠌ᠰᠢᠷᠠᠭᠰᠠᠨ ᠰᠢᠨᠤᠬᠠᠢ ᠳᠠᠷᠠ ᠦᠨᠦᠷ ᠢ
ᠮᠦᠰᠤ ᠴᠠᠰᠤ ᠲᠡᠶ ᠬᠤᠯᠢᠯᠳᠤᠭᠰᠠᠨ ᠳᠤᠭᠰᠢᠨ ᠳᠠᠷᠠ ᠰᠡᠩᠭᠢᠨᠡᠭᠦᠨ ᠢ
ᠨᠢᠳᠤᠨ ᠡᠴᠡ ᠡᠮᠦᠨ᠎ᠡ ᠬᠠᠮᠠᠷ ᠳᠠ ᠨᠢᠭᠡᠨᠲᠡ ᠣᠯᠵᠤ ᠦᠨᠦᠷᠳᠠᠨ
ᠨᠢᠭᠦᠯ ᠪᠠ ᠣᠢ᠌ᠯᠠ ᠶᠢ ᠨᠢ ᠭᠦᠮᠤᠨ ᠳᠤ ᠣᠷᠢᠳᠠᠪᠠᠷ ᠮᠡᠳᠡᠭ᠍ᠳᠡᠭ᠍ᠰᠡᠨ
ᠬᠠᠮᠠᠷ ᠳᠠᠨ ᠤ ᠭᠠᠪᠢᠶ᠎ᠠ ᠭᠡᠵᠤ ᠭᠦᠮᠤᠨ ᠢ ᠲᠦᠯᠦᠭᠡᠯᠡᠨ ᠳᠡᠮᠳᠡᠭᠯᠡᠶ᠎ᠡ ︕
ᠪᠣᠰᠤᠭ᠎ᠠ ᠭᠡᠷ ᠤᠨ ᠪᠦᠳᠦᠴᠡ ᠳᠤ
ᠪᠣᠭ ᠮᠠᠯ ᠤᠨ ᠬᠤᠷᠢᠶᠠᠨ ᠳᠤ
ᠪᠦᠡᠳᠡᠭᠡᠷ ᠳᠤᠯᠤᠭᠠᠢ ᠶᠢᠨ ᠮᠠᠯᠠᠭᠠᠢ ᠳᠤ
ᠪᠣᠭᠤᠷᠠᠯ ᠨᠠᠰᠤᠳᠠᠤᠨ ᠤᠨ ᠠᠯᠠᠭᠠᠨ ᠡᠴᠡ
ᠬᠠᠮᠠᠷ ᠳᠠ ᠬᠤᠯᠠᠳᠠᠭᠰᠠᠨ ᠦᠭᠡᠶ
ᠬᠠᠷᠢᠨ ᠪᠣᠰᠤᠭ᠎ᠠ ᠳᠠᠨ ᠤ ᠨᠠᠷᠠ ᠶᠢ ᠰᠠᠷᠠᠪᠴᠢ ᠭᠡᠵᠤ
ᠬᠠᠷ᠎ᠠ ᠳᠤᠯᠤᠭᠠᠢ᠌ᠳᠠᠤᠨ ᠥᠭᠡᠷᠡᠴᠢᠯᠡᠪᠡ᠃
ᠵᠤᠵᠠᠭᠠᠨ ᠵᠤᠵᠠᠭᠠᠨ ᠨᠤᠮ ᠤᠳ
ᠭᠦᠨ ᠣᠬᠠᠭᠠᠨ ᠤ ᠰᠤᠳᠤᠷ ᠤᠳ
ᠵᠠᠭᠤᠨ ᠵᠠᠭᠤᠨ ᠤ ᠳᠡᠦᠭᠡ ᠤᠳ
ᠭᠦᠮᠤᠨ ᠳᠦᠷᠤᠯᠭᠢᠳᠠᠨ ᠤ ᠨᠠᠮᠳᠠᠷ ᠤᠳ
ᠬᠠᠮᠠᠷ ᠳᠠᠨ ᠡᠴᠡ ᠰᠠᠯᠤᠭᠰᠠᠨ ᠦᠭᠡᠶ
ᠬᠠᠷᠢᠨ ᠨᠠᠷᠠ ᠶᠢᠨ ᠴᠢᠨᠢ ᠣᠷᠤᠨ ᠳᠤ
ᠣᠳᠤᠷᠢᠳᠬᠠᠯ ᠣᠷᠤᠰᠢᠯ ᠭᠡᠵᠤ ᠨᠡᠷᠡᠯᠡᠭ᠍ᠰᠡᠨ ᠶᠤᠮ᠃
《ᠬᠠᠭᠠᠯᠠᠭ᠎ᠠ ᠡᠭᠦᠳᠡ ᠨᠡᠭᠡᠭ᠍ᠳᠡᠪᠡ
ᠬᠠᠮᠠᠷ ᠣᠷᠤᠵᠤ ᠢᠷᠠᠪᠠ
ᠬᠠᠭᠠᠰ ᠡᠳᠦᠷ ᠪᠣᠯᠤᠭᠠᠤᠨ
ᠬᠠ ᠪᠠᠭᠰᠢ ᠣᠷᠤᠵᠤ ᠢᠷᠠᠪᠠ》 ᠭᠡᠵᠤ
ᠬᠠᠮᠠᠷ ᠳᠠᠨ ᠢ ᠱᠤᠭᠯᠠᠭᠰᠠᠨ
ᠬᠠᠷᠠᠳᠠᠢ ᠢᠨᠢᠶᠠᠳᠤᠮ ᠪᠠᠢ᠌ᠭᠰᠠᠨ ᠪᠣᠯ
ᠬᠠᠷᠴᠤ ᠶᠢᠨ ᠭᠦᠤ ᠭᠦᠭᠡᠮᠦ᠋ᠷᠡᠨ ᠪᠢ
ᠬᠠᠮᠠᠷ ᠳᠠᠨ ᠢ ᠮᠠᠭᠳᠠᠨ
ᠬᠠᠷᠠᠳᠠᠢ ᠢᠨᠢᠶᠠᠳᠤᠮ ᠢ ᠴᠢᠨᠢ ᠭᠦᠩᠭᠡᠷᠡᠭᠦᠯᠦᠶᠡ ︕
ᠠᠪᠣ ᠶᠢᠨ ᠭᠦᠤ ᠶᠠᠳᠠᠭᠤ ᠪᠣᠯᠬᠤᠷ
ᠡᠪᠦᠭᠡ ᠳᠡᠭᠡᠳᠦᠰ ᠥᠭᠡᠭᠦᠤ ᠪᠣᠯᠬᠤᠷ
ᠥᠯᠦᠰᠭᠦᠯᠡᠩ ᠭᠠᠴᠢᠭ ᠢ ᠡᠳ᠋ᠯᠡᠵᠤ ᠪᠠᠢ᠌ᠭᠰᠠᠨ ᠪᠣᠯᠬᠤᠷ
ᠦᠪᠡᠷ ᠤᠨ ᠪᠠᠶ᠎ᠠ ᠮᠢᠨᠢ ᠬᠤᠭᠤᠯᠠᠨ ᠭᠡᠷ ᠲᠤ ᠣᠷᠤᠪᠠᠯ
《ᠬᠠᠮᠠᠷ ᠳᠤᠯᠬᠤ ᠦᠭᠡᠶ ᠪᠣᠯ ᠵᠤᠭᠤᠰ ᠠᠪᠬᠤ ᠦᠭᠡᠶ》 ᠭᠡᠳᠡᠭ᠌
ᠬᠠᠮ ᠬᠤᠭᠤᠯᠠᠢ ᠲᠡᠶ ᠵᠠᠩᠭ᠋ᠣᠢ᠌ᠳᠠ ᠶᠢᠨ
ᠬᠠᠰᠭᠢᠷᠤᠭᠰᠠᠨ ᠳᠠᠷᠠ ᠳᠠᠭᠤᠨ ᠶᠢᠡᠷ
ᠭᠡᠳᠤᠨ ᠡᠳᠦᠷ ᠤᠨ ᠥᠯᠦᠰᠭᠦᠯᠡᠩ ᠭᠡᠳᠡᠰᠤ ᠪᠠᠨ
ᠭᠡᠮᠵᠢᠶ᠎ᠡ ᠦᠭᠡᠶ ᠨᠢᠭᠡ ᠳᠦᠭᠦᠷᠭᠡᠳᠡᠭ᠌ ᠪᠠᠢ᠌ᠭᠰᠠᠨ
ᠬᠠᠮᠠᠷ ᠳᠠ ᠪᠠᠢ᠌ᠭᠰᠠᠨ ᠦᠭᠡᠶ ᠪᠣᠯ
ᠬᠠᠮᠢᠭ᠎ᠠ ᠡᠴᠡ ᠡᠨᠡ ᠥᠭᠡ ᠪᠠᠢ᠌ᠳᠠᠭ ᠪᠢᠯᠠ ︖
ᠬᠠᠷᠢᠨ ᠳᠠᠨ ᠤ ᠰᠠᠢ᠌ᠨ ᠶᠢᠡᠷ ᠭᠡᠵᠤ
ᠭᠡᠵᠢᠶ᠎ᠡ ᠴᠤ ᠪᠢ ᠪᠣᠳᠤᠳᠠᠭ ᠶᠤᠮ᠃
ᠰᠢᠨ᠎ᠠ ᠨᠡᠢ᠌ᠭᠡᠮ ᠳᠤ ᠳᠠᠪᠰᠢᠭᠠᠤᠨ
ᠰᠢᠡᠵᠢᠯᠡᠭᠡ ᠮᠡᠷᠭᠡᠵᠢᠯ ᠭᠦᠭ᠍ᠵᠢᠭᠡᠳ
ᠬᠠᠭᠤᠷᠯᠠᠭᠠ ᠬᠠᠭᠠᠷᠢᠯᠠᠭᠠ ᠣᠯᠠᠳᠠᠭᠠᠤᠨ
ᠬᠤᠸᠠᠵᠢᠶᠤᠤ ᠳ᠋ᠠᠯᠢᠶᠤᠤ ᠶᠡᠭᠡᠳᠦᠭᠡᠳ
ᠨᠠᠷᠠ ᠶᠢ ᠨᠢ ᠮᠡᠳᠡᠭᠦ ᠦᠭᠡᠶ ᠦᠨᠦᠷ ᠤᠳ
ᠨᠢᠭᠡᠮᠦᠰᠤᠨ ᠵᠠᠬ᠎ᠠ ᠵᠡᠭᠡᠯᠢ ᠳᠤ ᠳᠦᠭᠦᠷᠡᠨ
ᠨᠢᠳᠤᠨ ᠡᠴᠡ ᠣᠰᠤ ᠭᠤᠭᠤᠵᠢᠭᠤᠯᠤᠨ
ᠬᠠᠮᠠᠷ ᠳᠠᠨ ᠢ ᠰᠢᠬᠠᠷᠠᠭᠤᠯᠪᠠ᠃
ᠳᠤᠰᠤᠨ ᠳᠤ ᠭᠤᠯᠭᠤᠯᠠᠭᠰᠠᠨ ᠰᠤᠩᠭᠢᠨ᠎ᠠ ᠶᠢᠨ ᠦᠨᠦᠷ
ᠳᠤᠭᠤᠭᠠᠨ ᠢᠷᠤᠭᠠᠷ ᠲᠤ ᠰᠢᠳᠠᠭᠳᠠᠭᠰᠠᠨ ᠬᠡᠤᠷᠰᠢᠭᠰᠡᠨ ᠦᠨᠦᠷ
ᠳᠡᠷᠭᠡ ᠮᠠᠰᠢᠨ ᠤ ᠣᠳᠤᠭᠠᠨ ᠦᠨᠦᠷ
ᠳᠡᠭᠦᠷᠭᠡ ᠵᠡᠭᠡᠯᠢ ᠶᠢᠨ ᠨᠤᠪᠰᠢ ᠶᠢᠨ ᠦᠨᠦᠷ
ᠬᠠᠮᠠᠷ ᠭᠠᠳᠠᠭᠰᠠᠨ ᠰᠢᠪᠠᠷᠢ ᠶᠢᠨ ᠦᠨᠦᠷ
ᠬᠠᠮᠢᠭ᠎ᠠ ᠨᠢ ᠪᠣᠯᠪᠠᠴᠤ ᠵᠤᠷᠯᠤᠩ ᠤᠨ ᠦᠨᠦᠷ
ᠬᠠᠯᠠᠰᠴᠤ ᠣᠭᠰᠢᠭᠰᠠᠨ ᠪᠦᠭᠡᠯᠵᠢᠰᠤᠨ ᠤ ᠦᠨᠦᠷ
ᠬᠠᠯᠠᠭᠤ ᠠᠰᠬᠠᠭᠰᠠᠨ ᠭᠢᠮᠢ ᠶᠢᠨ ᠦᠨᠦᠷ
ᠭᠠᠩᠬᠤᠯᠵᠠᠭᠰᠠᠨ ᠭᠡᠦᠭᠡᠨ ᠤ ᠡᠩᠭᠡᠰᠭᠡᠨ ᠤ ᠦᠨᠦᠷ
ᠭᠠᠯᠪᠢᠷ ᠪᠦᠰᠡᠭᠦᠢ ᠶᠢᠨ ᠣᠰᠤᠨ ᠤ ᠦᠨᠦᠷ
ᠭᠠᠩᠭ᠋ᠠᠩ ᠰᠠᠷᠭᠠᠢ ᠶᠢᠨ ᠴᠤᠷᠭᠢᠭᠰᠠᠨ ᠦᠨᠦᠷ
ᠭᠠᠩᠰᠠ ᠲᠡᠶ ᠳᠠᠮᠠᠭᠢ ᠶᠢᠨ ᠪᠣᠭᠢ ᠶᠢᠨ ᠦᠨᠦᠷ
ᠬᠤᠳᠤᠩ ᠣᠢ᠌ᠭᠤᠷ ᠤᠨ ᠰᠤᠭᠤ ᠶᠢᠨ ᠦᠨᠦᠷ
ᠬᠤᠳᠤᠭᠠᠳᠤ ᠨᠢ ᠭᠡᠮᠳᠦᠭ᠍ᠰᠡᠨ ᠠᠮᠠᠨ ᠭᠦᠡᠳᠡᠢ ᠶᠢᠨ ᠦᠨᠦᠷ
ᠬᠤᠨᠢ ᠮᠠᠯ ᠤᠨ ᠰᠡᠭ᠌ ᠤᠨ ᠦᠨᠦᠷ
ᠬᠤᠷᠸ᠎ᠠ ᠳᠤ ᠠᠮᠢᠳᠤᠷᠠᠭᠰᠠᠨ ᠭᠦᠮᠤᠨ ᠤ ᠦᠨᠦᠷ
᠁
᠁
ᠡᠨᠡ ᠪᠦᠭᠦᠨ ᠦᠨᠦᠷ ᠢ ᠡᠳᠦᠷᠵᠢᠨ ᠬᠠᠮᠠᠷ ᠳᠠ ᠦᠨᠦᠷᠳᠠᠨ
ᠡᠳᠦᠷ ᠰᠦᠨᠢ ᠢᠯᠭᠠᠯ ᠦᠭᠡᠶ ᠭᠡᠢ ᠠᠮᠢᠰᠬᠤᠭ᠎ᠠ ᠰᠤᠯᠢᠪᠴᠠᠭᠤᠯᠤᠨ
ᠰᠤᠷᠤᠭᠰᠠᠨ ᠳᠠᠮᠠᠭᠢᠨ ᠤ ᠣᠳᠤᠭ᠎ᠠ ᠡᠴᠡ
ᠰᠤᠯᠢᠭᠳᠠᠵᠤ ᠭᠠᠷᠬᠤ ᠳᠠᠪᠬᠤᠷ ᠢᠰᠤᠯ ᠳᠤᠯᠳᠠᠯ᠎ᠠ
ᠬᠠᠮᠠᠷ ᠳᠠᠨ ᠤ ᠭᠠᠪᠢᠶ᠎ᠠ ᠭᠡᠵᠤ
ᠭᠦᠮᠤᠨ ᠢ ᠣᠷᠤᠯᠠᠨ ᠳᠡᠮᠳᠡᠭᠯᠡᠶ᠎ᠡ ︕
ᠭᠦᠮᠤᠨ ᠤ ᠡᠨᠡ ᠬᠤᠷᠸ᠎ᠠ ᠳᠤ
ᠬᠠᠮᠠᠷ ᠳᠠᠨ ᠢ ᠠᠯᠳᠠᠷᠰᠢᠭᠤᠯᠤᠶ᠎ᠠ ︕
2011 ᠣᠨ ᠤ 12 ᠰᠠᠷ᠎ᠠ ᠶᠢᠨ 17 ᠊ᠤ ᠰᠦᠨᠢ
ᠺᠦᠷᠡᠯ᠎ᠡ ᠬᠤᠳᠠᠨ᠎ᠠ᠃
ᠵᠤᠬᠢᠶᠠᠭᠴᠢ ᠶᠢᠨ ᠬᠠᠶᠢᠭ ᠄ ᠺᠦᠷᠡᠯ᠎ᠡ ᠬᠤᠳᠠᠨ᠎ᠠ
ᠵᠤᠬᠢᠶᠠᠭᠴᠢ᠄ ᠳ·ᠭᠦᠭᠡᠮᠦ᠋ᠷᠡᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2639
ᠴᠠᠭ᠄ 2011 ᠤᠨ ᠤ 12 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ