☆ ᠰ·ᠮᠥᠩᠭᠡᠨᠡᠷᠡᠰᠤ
ᠳᠤᠯᠤᠩ
ᠦᠷᠯᠦᠭᠡ ᠶᠢᠨ ᠨᠠᠷᠠ ᠳᠠᠭᠢᠭᠠᠤᠨ ᠯᠠ ᠮᠠᠠᠳᠤᠨ᠎ᠠ ᠰᠢᠤ
ᠦᠳᠡᠰᠢ ᠶᠢᠨ ᠶᠠᠭᠠᠨ ᠳᠤᠯᠤᠩ ᠡ
ᠴᠢᠨᠤ ᠭᠤᠸ᠎ᠠ ᠥᠵᠡᠰᠭᠦᠯᠡᠩ ᠮᠢᠨᠤ ᠵᠡᠭᠦᠳᠤᠨ ᠳᠤ ᠯᠠ ᠦᠯᠠᠳᠠᠨ᠎ᠡ ᠁
ᠡᠪᠭᠡᠭᠡᠰᠦᠳᠡᠢ ᠮᠦᠷᠦᠭᠡᠳᠦᠯ ᠳᠠᠯᠠᠪᠴᠢ ᠪᠠᠨ ᠳᠡᠯᠭᠡᠵᠤ ᠰᠢᠪᠠᠭᠤ ᠪᠣᠯᠵᠤ ᠰᠦᠨᠢᠵᠢᠨ ᠬᠤᠷᠮᠤᠢ ᠳᠤ ᠴᠢᠨᠢ ᠬᠤᠷᠭᠤᠳᠠᠨ᠎ᠠ
ᠰᠡᠳᠭᠢᠯ ᠤᠨ ᠮᠢᠨᠢ ᠨᠢᠭᠡᠨ ᠰᠡᠮᠡᠷᠡᠭᠡᠢ ᠰᠢᠪᠠᠭᠤᠨ ᠤ ᠳᠠᠯᠠᠪᠴᠢᠨ ᠳᠤ ᠭᠢᠯᠳᠠᠭᠠᠨᠠᠨ᠎ᠠ
ᠡᠩᠰᠡᠷᠡᠭ᠍ᠰᠡᠨ ᠭᠤᠮᠤᠳᠠᠯ ᠢ ᠮᠢᠨᠢ ᠠᠪᠴᠤ ᠰᠠᠷᠨᠢᠨ ᠣᠤᠠᠬᠤ ᠳᠤ ᠴᠢᠨᠢ
ᠡᠩᠭᠦᠷᠡᠢ᠌ᠭᠡᠨ ᠳᠦᠷᠭᠦ ᠪᠠᠨ ᠣᠰᠤᠨ ᠤ ᠭᠡ ᠪᠦᠷᠢ ᠡᠴᠠ ᠬᠠᠢ᠌ᠨ᠎ᠠ
ᠪᠣᠯᠪᠠᠷᠠᠢ᠌ᠬᠠᠨ ᠪᠣᠳᠤᠯ ᠳᠠᠭᠠᠨ ᠨᠢᠯᠬᠠᠷᠠᠭᠰᠠᠨ ᠮᠦᠴᠡᠰ ᠶᠢᠡᠨ ᠣᠳᠠᠨ ᠤ ᠮᠦᠴᠢᠷ ᠲᠤ ᠳᠠᠮᠠᠭᠠᠯᠠᠨ᠎ᠠ
ᠶᠠᠭᠤᠨ ᠳᠤ ᠴᠢᠮᠠᠳᠤ ᠭᠤᠮᠤᠳᠠᠳᠠᠭ ᠶᠢᠡᠨ ᠪᠢ ᠦᠪᠡᠷ ᠡᠴᠠ ᠪᠠᠨ ᠪᠠᠢ᠌ᠨ ᠳᠠᠭᠢᠨ ᠠᠰᠠᠭᠤᠨ᠎ᠠ
ᠶᠠᠭᠤᠨ ᠤ ᠲᠦᠯᠦᠭᠡ ᠨᠠᠮ᠎ᠠ ᠶᠢ ᠭᠤᠮᠤᠳᠠᠭᠠᠳᠠᠭ ᠶᠢᠡᠨ ᠴᠢ ᠴᠤ ᠦᠪᠡᠷ ᠡᠴᠠ ᠪᠠᠨ ᠠᠰᠠᠭᠤ
ᠡᠨᠡ ᠣᠷᠤᠢ ᠪᠢ ᠳᠠᠭᠢᠭᠠᠤᠨ ᠯᠠ ᠴᠢᠮ᠎ᠠ ᠪᠠᠨ ᠪᠠᠷᠠᠯᠠᠬᠤ ᠪᠠᠷ ᠢᠷᠠᠯ᠎ᠠ ᠁
ᠭᠤᠷᠤᠬᠠᠨ ᠤ ᠰᠢᠪᠠᠨᠡᠭᠡ ᠮᠦᠨ ᠯᠠ ᠨᠠᠮᠤᠭᠤᠬᠠᠨ
ᠣᠳᠠᠨ ᠤ ᠮᠦᠴᠢᠷ ᠣᠤᠯ ᠤᠨ ᠭᠢ ᠰᠢᠭ᠌ ᠶᠢᠡᠨ ᠡᠷᠭᠡᠯᠡᠩᠭᠦᠢ
ᠢᠨᠠᠭ ᠬᠤᠤᠰ ᠤᠳ ᠮᠦᠷᠤ ᠪᠠᠨ ᠨᠠᠯᠠᠯᠴᠠᠨᠠ
ᠴᠢᠨᠤ ᠯᠠ ᠭᠤᠸᠠᠯᠢᠭ ᠳᠦᠷᠭᠦ ᠪᠠᠷ ᠶᠠᠭᠤ ᠪᠦᠭᠦᠨ ᠵᠢᠷᠭᠠᠵᠤ ᠶᠠᠭᠤ ᠪᠦᠭᠦᠨ ᠪᠠᠰᠠ ᠠᠭᠤᠰᠴᠤ ᠠᠷᠢᠯᠤᠨᠡ
ᠳᠤᠯᠤᠩ ᠮᠢᠨᠢ
ᠰᠡᠳᠭᠢᠯ ᠤᠨ ᠬᠠᠢ᠌ᠯᠠᠨ ᠮᠢᠨᠢ
ᠠᠮᠢᠰᠬᠤᠭ᠎ᠠ ᠪᠠᠨ ᠭᠦᠷᠳᠡᠯ᠎ᠡ ᠴᠢᠮ᠎ᠠ ᠲᠡᠶ ᠨᠡᠢ᠌ᠯᠡᠭᠦᠯᠭᠦ ᠭᠡᠵᠤ ᠭᠡᠴᠢᠨᠡᠨ ᠵᠤᠪᠠᠪᠠ ᠪᠢ ︖
ᠠᠮᠢᠳᠤ ᠪᠠᠷ ᠶᠢᠠᠨ ᠴᠢᠯᠠᠭᠤᠵᠢᠵᠤ ᠴᠢᠮ᠎ᠠ ᠶᠢ ᠰᠠᠭᠢᠬᠤ ᠭᠡᠵᠤ ᠡᠨᠡ ᠦᠦ ︖
ᠵᠤᠬᠢᠶᠠᠭᠴᠢ ᠶᠢᠨ ᠬᠠᠶᠢᠭ ᠄ ᠣᠯᠠᠭᠠᠠᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠤ ᠰᠢᠪᠠᠷᠳᠠᠢ ᠭᠤᠤᠯ ᠪᠠᠭ᠎ᠠ ᠰᠤᠷᠭᠠᠭᠤᠯᠢ
ᠵᠤᠬᠢᠶᠠᠭᠴᠢ᠄ ᠰ·ᠮᠥᠩᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2637
ᠴᠠᠭ᠄ 2011 ᠤᠨ ᠤ 09 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ