ᠨᠡᠪᠲᠡᠷᠡᠨ ᠤᠷᠤᠬᠤ
ᠮᠤᠩᠭ᠋ᠤᠯ ᠨᠤᠳᠤᠭ ᠤᠨ ᠭᠤᠤᠯ ᠮᠦᠷᠠᠨ ᠶᠢᠡᠷ ᠣᠮᠳᠠᠯᠠᠭᠰᠠᠨ ᠶᠤᠮ ᠪᠢ

ᠮᠤᠩᠭ᠋ᠤᠯ ᠨᠤᠳᠤᠭ ᠤᠨ ᠭᠤᠤᠯ

ᠮᠦᠷᠠᠨ ᠶᠢᠡᠷ ᠣᠮᠳᠠᠯᠠᠭᠰᠠᠨ ᠪᠢ

ᠮᠤᠷᠢᠳᠠᠨ ᠠᠷᠠᠤᠨ ᠤᠨ ᠳᠠᠭᠤᠨ

ᠬᠤᠭᠤᠷ ᠶᠢᠡᠷ ᠭᠦᠭᠯᠡᠭ᠍ᠳᠡᠭ᠍ᠰᠡᠨ ᠪᠢ

ᠳᠤᠭᠤᠰᠳᠤ ᠵᠠᠮ᠂ ᠠᠶᠠᠨ ᠤ ᠬᠠᠷᠭᠤᠢ ᠳ᠋ᠤ

ᠭᠦᠯ ᠳᠡᠭᠡᠷ᠎ᠡ ᠪᠠᠨ ᠳᠡᠩᠴᠡᠭ᠍ᠰᠡᠨ ᠪᠢ

ᠳᠣᠢ᠌ᠮᠤ ᠦᠭᠡᠶ ᠣᠯᠠᠨ ᠥᠯᠢᠭᠡᠷ

ᠪᠠᠭᠠᠳᠤᠷ ᠤᠳ ᠤᠨ ᠭᠠᠪᠢᠶ᠎ᠠ ᠶᠢ ᠰᠤᠨᠤᠰᠤᠭᠰᠠᠨ ᠪᠢ᠃

ᠬᠤᠶᠠᠷ ᠳᠠᠭᠢᠨ ᠲᠦᠷᠦᠪᠠᠯ ᠡᠨᠡ ᠯᠠ ᠨᠤᠳᠤᠭ ᠲᠠᠭᠠᠨ ᠡᠷᠭᠢᠨ᠎ᠡ᠂

ᠬᠤᠶᠠᠷ ᠳᠠᠭᠢᠨ ᠥᠭᠦᠪᠠᠯ ᠡᠨᠡ ᠯᠠ ᠨᠤᠳᠤᠭ ᠲᠠᠭᠠᠨ ᠳᠠᠭᠤᠰᠤᠨ᠎ᠠ᠃

ᠬᠤᠷᠸ᠎ᠠ ᠳᠤ ᠮᠢᠨᠤ ᠬᠠᠶ‍ᠢᠭ ᠊᠊᠊᠊᠊᠊᠊᠊᠊᠊᠊᠊᠊᠊᠊ ᠮᠢᠨᠤ ᠮᠤᠩᠭ᠋ᠤᠯ᠂

ᠬᠤᠯᠠ ᠡᠴᠡ ᠳᠠᠪᠭᠢᠭᠰᠠᠭᠠᠷ ᠠᠢ᠌ᠰᠤᠢ

ᠭᠦᠯᠦᠭ᠌ ᠮᠤᠷᠢ ᠰᠢᠭ ᠊᠊᠊᠊᠊᠊᠊᠊᠊᠊᠊᠊᠊᠊᠊ ᠡᠭᠡ ᠣᠷᠤᠨ ︕

ᠵᠠᠮ᠂ ᠳᠤᠯᠤᠭᠠᠤᠨ᠂ ᠰᠢᠪᠠᠭᠤ ᠶᠢ ᠴᠢᠨᠢ ᠪᠢ ᠬᠠᠢ᠌ᠷᠠᠯᠠᠨ᠎ᠠ᠂

ᠵᠠᠪᠰᠠᠷ ᠦᠭᠡᠶ ᠭᠦᠪᠴᠢ᠂ ᠣᠢ᠂ ᠭᠤᠤᠯ ᠮᠦᠷᠠᠨ ᠢ ᠴᠢᠨᠢ

ᠵᠠᠯᠠᠭᠤ ᠨᠠᠰᠤᠨ ᠤ ᠭᠡᠷᠡᠯᠳᠤ ᠠᠮᠠᠷᠠᠭ ᠰᠢᠭ ᠶᠢᠡᠨ ᠡᠡᠭ‍ᠭᠦᠷᠢᠯᠡᠨ᠎ᠡ᠃

ᠡᠨᠡ ᠪᠠᠶ᠎ᠠ ᠶᠢᠨ ᠮᠢᠨᠢ ᠳᠤᠰᠤᠯᠠᠭᠰᠠᠨ ᠭᠦᠯᠦᠰᠤ ᠪᠦᠭᠦᠨ

ᠡᠭᠡ ᠣᠷᠤᠨ ᠴᠢᠨᠤ ᠭᠦᠷᠦᠰᠤᠨ ᠡᠴᠡ ᠳᠠᠷᠢᠶ᠎ᠠ ᠪᠣᠯᠤᠨ ᠣᠷᠭᠤᠭᠠᠰᠠᠢ

ᠡᠭᠡᠯ ᠭᠡᠳᠤᠨ ᠰᠢᠯᠦᠭ᠌ ᠡᠴᠡ ᠮᠢᠨᠢ ᠰᠤᠨᠤᠰᠳᠠᠬᠤ ᠠᠶᠠᠯᠭᠤ ᠪᠦᠭᠦᠨ

ᠡᠯᠡᠭ᠍ᠳᠡᠰᠢ ᠦᠭᠡᠶ ᠬᠠᠢ᠌ᠷ᠎ᠠ ᠶᠢᠨ ᠮᠢᠨᠢ ᠪᠠᠭᠯᠠᠭ᠎ᠠ ᠴᠡᠴᠡᠭ᠌ ᠪᠣᠯᠤᠭᠠᠰᠠᠢ

ᠡᠭᠦᠯᠡ ᠨᠡᠪᠳᠡᠯᠡᠭ᠍ᠰᠡᠨ ᠠᠯᠳᠠᠢ ᠶᠢᠨ ᠣᠷᠭᠢᠯ ᠳᠠᠭᠤᠤ ᠶᠢ ᠮᠢᠨᠢ ᠡᠷᠭᠦᠨ᠎ᠡ

ᠦᠷ ᠭᠡᠢ᠌ᠭ᠍ᠰᠡᠨ ᠳᠤᠷᠤᠨᠠᠳᠤ ᠶᠢᠨ ᠳᠠᠯ᠎ᠠ ᠬᠠᠢ᠌ᠷ᠎ᠠ ᠶᠢ ᠮᠢᠨᠢ ᠭᠦᠯᠢᠶᠡᠨ᠎ᠡ

ᠦᠵᠡᠵᠤ ᠬᠠᠷᠠᠭᠰᠠᠨ ᠪᠦᠭᠦᠨ ᠮᠢᠨᠢ ᠊᠊᠊᠊᠊᠊᠊᠊᠊᠊᠊᠊᠊᠊᠊ ᠦᠨᠡᠨ ᠭᠠᠢ᠌ᠬᠠᠮᠰᠢᠭ ︕

ᠥᠭᠦᠰᠢ ᠦᠭᠡᠶ ᠮᠥᠩᠭᠡ ᠶᠢᠨ ᠠᠯᠳᠠᠷ

ᠥᠭᠡᠢ᠌ᠷᠡᠰᠢ ᠦᠭᠡᠶ ᠬᠤᠳᠠᠯᠠ ᠶᠢᠨ ᠨᠤᠳᠤᠭ᠃

ᠢᠷᠠᠭᠤ ᠳᠠᠭᠤᠳᠤ ᠭᠠᠯᠠᠭᠤᠳ ᠤᠨ ᠭᠠᠩᠭ᠋ᠠᠨᠠᠭᠠᠨ ᠳᠤ

ᠬᠠᠪᠣᠷ ᠢ ᠴᠢᠨᠢ ᠪᠢ ᠬᠠᠢ᠌ᠷᠠᠯᠠᠨ᠎ᠠ᠃

ᠢᠷᠭᠤᠢ ᠳᠡᠯᠭᠡᠷᠡᠭᠦ ᠬᠠᠪᠣᠷ ᠤᠨ ᠰᠠᠷᠢᠳᠠᠭ

ᠠᠭᠤᠯᠠᠰ ᠢ ᠴᠢᠨᠢ ᠪᠢ ᠰᠢᠳᠤᠨ᠎ᠠ᠃

ᠵᠢᠭ᠍ᠳᠡᠭᠦᠨ ᠭᠦᠭᠯᠡᠭᠦ ᠬᠤᠭᠤᠷ ᠤᠨ ᠡᠭᠡᠰᠢᠭ᠌ ᠲᠤ

ᠪᠠᠭᠤᠷᠢ ᠪᠠᠨ ᠳᠡᠯᠭᠡᠵᠤ᠂

ᠵᠢᠯ ᠤᠨ ᠵᠢᠯ ᠳᠤ ᠥᠩᠭᠡᠯᠡᠭ᠍ᠳᠡᠭᠦ

ᠳᠤᠯᠤᠭᠠᠤᠨ ᠢ ᠴᠢᠨᠢ ᠪᠢ ᠰᠢᠷᠳᠠᠨ᠎ᠠ᠃

ᠦᠷᠯᠦᠭᠡ ᠶᠢᠨ ᠨᠠᠷᠠᠨ ᠳᠤ ᠳᠤᠶᠠᠭᠠᠷᠠᠭᠰᠠᠨ

ᠡᠭᠡ ᠣᠷᠤᠨ ᠳᠠᠨ ᠢ ᠪᠠᠨ ᠰᠢᠷᠳᠡᠭᠦ ᠳᠤ᠂

ᠦᠷᠭᠡᠨ ᠬᠤᠷᠸ᠎ᠠ ᠶᠢ ᠰᠠᠷᠪᠴᠢᠯᠠᠨ ᠬᠠᠷᠠᠵᠤ ᠵᠤᠭᠰᠤᠬᠤ

ᠮᠤᠷᠢ ᠲᠡᠶ ᠭᠦᠮᠤᠨ ᠰᠢᠭ᠌ ᠥᠵᠡᠭ᠍ᠳᠡᠨ᠎ᠡ᠃

ᠵᠤᠬᠢᠶᠠᠭᠴᠢ᠄ ᠣ·ᠳ᠋ᠠᠰᠢᠪᠠᠯᠪᠠᠷ
ᠢᠷᠡᠯᠲᠡ᠄ ᠥᠭᠡᠯᠡᠳ ᠭᠠᠯᠳᠠᠨ ᠬᠠᠩᠭ᠋ᠠᠪᠠ
ᠬᠠᠷᠢᠶ᠎ᠠ᠄ ᠰᠢᠯᠦᠭ
ᠳᠠᠷᠤᠮ᠄ 2644
ᠴᠠᠭ᠄ 2010 ᠤᠨ ᠤ 04 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ