☆ ᠰᠤ·ᠠᠨᠢᠰᠤ
ᠴᠢᠮ᠎ᠠ ᠶᠢ ᠰᠠᠨᠠᠯ᠎ᠠ
ᠰᠠᠷᠠᠳᠠᠢ ᠰᠦᠨᠢ ᠶᠢᠨ ᠣᠳᠤᠳ ᠤᠨ ᠠᠨᠢᠪᠴᠠᠭᠠᠨ ᠳ᠋ᠤ
ᠰᠠᠢ᠌ᠬᠠᠨ ᠴᠢᠨᠤ ᠳᠤᠯᠠᠭᠠᠨ ᠬᠠᠷᠠᠴᠠᠨ ᠳᠤ ᠡᠪᠦᠯᠵᠢᠭᠦ ᠭᠡᠵᠤ
ᠰᠤᠷᠮᠤᠰᠤᠨ ᠳᠡᠭᠡᠭᠦᠷ ᠴᠠᠰᠤ ᠬᠠᠶᠠᠯᠠᠭᠤᠯᠵᠤ
ᠰᠡᠳᠭᠢᠯ ᠳᠤ ᠬᠠᠢ᠌ᠷ᠎ᠠ ᠢᠪᠢᠯᠡᠭᠦᠯᠤᠨ ᠪᠠᠢ᠌ᠯ᠎ᠠ
ᠴᠢᠮ᠎ᠠ ᠶᠢ ᠪᠠᠨ ᠪᠢ ᠰᠠᠨᠠᠯ᠎ᠠ
ᠴᠠᠰᠤᠳᠠᠢ ᠡᠪᠦᠯ ᠨᠢ ᠭᠦᠷᠳᠡᠯ᠎ᠡ ᠰᠦᠨᠢᠵᠢᠨ ᠰᠠᠨᠠᠯ᠎ᠠ
ᠣᠳᠤᠳᠠᠢ ᠰᠦᠨᠢ ᠶᠢᠨ ᠰᠠᠷᠠᠨ ᠤ ᠮᠦᠰᠢᠶᠠᠯ ᠵᠢᠠᠷ
ᠣᠷᠴᠢᠯᠠᠩ ᠳᠤ ᠬᠤᠶᠠᠭᠤᠯᠬᠠᠨ ᠵᠢᠷᠭᠠᠨ᠎ᠠ ᠭᠡᠵᠤ
ᠣᠴᠠᠷᠠᠯ ᠢᠷᠦᠭᠡᠯ ᠢᠳᠡᠭᠡᠨ ᠨᠠᠢ᠌ᠳᠠᠵᠤ
ᠣᠬᠠᠭᠠᠨ ᠳᠤ ᠪᠠᠨ ᠪᠢ ᠳᠠᠩᠭ᠋ᠠᠷᠢᠭ ᠥᠭᠡᠢ᠌ᠯᠡᠵᠤ ᠪᠠᠢ᠌ᠯ᠎ᠠ
ᠴᠢᠮ᠎ᠠ ᠶᠢ ᠪᠠᠨ ᠪᠢ ᠰᠠᠨᠠᠯ᠎ᠠ
ᠴᠠᠰᠤᠳᠠᠢ ᠡᠪᠦᠯ ᠨᠢ ᠭᠦᠷᠳᠡᠯ᠎ᠡ ᠰᠦᠨᠢᠵᠢᠨ ᠰᠠᠨᠠᠯ᠎ᠠ
ᠵᠤᠬᠢᠶᠠᠭᠴᠢ᠄ ᠰᠤ·ᠠᠨᠢᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3476
ᠴᠠᠭ᠄ 2009 ᠤᠨ ᠤ 01 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ