ᠨᠡᠪᠲᠡᠷᠡᠨ ᠤᠷᠤᠬᠤ
ᠦᠨᠡᠨ ᠵᠠᠶᠠᠭ᠎ᠠ

ᠵᠠᠶᠠᠭ᠎ᠠ ᠲᠡᠶ ᠰᠢᠤ ᠪᠢᠳᠠᠨ ᠬᠤᠶᠠᠷ ᠭᠡᠵᠤ

ᠵᠠᠬ᠎ᠠ ᠳᠤ ᠨᠠᠭᠠᠯᠳᠤᠨ ᠰᠢᠪᠠᠨᠠᠵᠤ ᠪᠠᠢ᠌ᠭᠰᠠᠨ ᠴᠢᠨᠢ ᠦᠨᠡᠨ

ᠵᠢᠷᠭᠠᠯ ᠪᠢᠯᠬᠠᠭᠰᠠᠨ ᠳᠠᠪᠬᠤᠷ ᠬᠠᠷ᠎ᠠ ᠨᠢᠳᠤᠨ ᠳᠤ ᠴᠢᠨᠢ

ᠵᠠᠭᠤᠨ ᠵᠢᠯ ᠠᠮᠢᠳᠤᠷᠠᠮᠠᠷ ᠢᠳᠡᠭᠡᠯ ᠳᠤᠨᠤᠷᠠᠵᠤ

ᠪᠠᠢ᠌ᠭᠰᠠᠨ ᠴᠢᠨᠢ ᠦᠨᠡᠨ


ᠢᠷᠦᠭᠡᠯ ᠲᠡᠶ ᠰᠢᠤ ᠴᠢᠮ᠎ᠠ ᠳᠤ ᠪᠠᠨ ᠮᠢᠨᠤ ᠰᠠᠤᠠᠭᠢᠯ ᠭᠡᠵᠤ

ᠥᠶᠡᠷᠭᠡᠵᠤ ᠳᠠᠩᠳᠠ ᠴᠤᠭ ᠪᠠᠢ᠌ᠭᠰᠠᠨ ᠴᠢᠨᠢ ᠦᠨᠡᠨ

ᠦᠶᠡᠷᠯᠠᠵᠤ ᠨᠠᠳᠠ ᠣᠷᠤᠭᠤ ᠣᠷᠤᠰᠤᠭᠰᠠᠨ

ᠦᠨᠡᠨ ᠮᠤᠩᠭ᠋ᠤᠯ ᠰᠠᠤᠠᠭᠢᠯ ᠳᠤ ᠴᠢᠨᠢ

ᠦᠨᠢᠳᠠ ᠬᠠᠮᠳᠤ ᠠᠮᠢᠳᠤᠷᠠᠮᠠᠷ ᠭᠦᠰᠡᠯ ᠣᠷᠭᠢᠯᠵᠤ

ᠪᠠᠢ᠌ᠭᠰᠠᠨ ᠴᠢᠨᠢ ᠦᠨᠡᠨ


ᠡᠭᠦᠯᠡ ᠪᠣᠯᠬᠤ ᠦᠭᠡᠶ ᠮᠤᠳᠤ ᠪᠣᠯᠤᠨ᠎ᠠ ᠪᠢ

ᠡᠭᠦᠷᠢᠳᠡ ᠴᠢᠮ᠎ᠠ ᠲᠡᠶ ᠬᠠᠮᠳᠤ ᠪᠠᠢ᠌ᠨ᠎ᠠ

ᠡᠪᠦᠷ ᠲᠤ ᠴᠢᠨᠢ ᠳᠤᠯᠠᠭᠠᠬᠠᠨ ᠬᠤᠨᠤᠭᠯᠠᠵᠤ

ᠡᠪᠦᠯ ᠵᠤᠨ ᠦᠭᠡᠶ ᠴᠡᠴᠡᠭᠯᠡᠨ᠎ᠡ ᠭᠡᠵᠤ

ᠡᠷᠢᠵᠤ ᠨᠠᠳᠠ ᠳᠤ ᠪᠠᠨ ᠡᠷᠭᠡᠯᠡᠳᠡᠭ᠌ ᠪᠠᠢ᠌ᠭᠰᠠᠨ

ᠡᠷᠭᠡᠯᠡᠵᠤ ᠨᠠᠳᠠ ᠳᠤ ᠪᠠᠨ ᠣᠭᠢᠯᠠᠳᠠᠭ ᠪᠠᠢ᠌ᠭᠰᠠᠨ

ᠣᠭᠢᠯᠠᠵᠤ ᠨᠠᠳᠠ ᠳᠤ ᠪᠠᠨ ᠳᠠᠰᠳᠠᠭ ᠪᠠᠢ᠌ᠭᠰᠠᠨ

ᠦᠨᠡᠨ ᠰᠢᠤ᠂ ᠦᠨᠡᠨ︕ ᠠᠯᠢᠪᠠ ᠪᠦᠭᠦᠨ ᠦᠪ ᠦᠨᠡᠨ

ᠶ‍ᠢᠷᠳᠢᠠᠴᠤ ᠶᠡᠭᠦᠷᠡᠭ᠍ᠰᠡᠨ ᠴᠤ ᠦᠯᠦ ᠬᠠᠢ᠌ᠯᠬᠤ

ᠢᠨᠠᠭ ᠪᠢᠳᠠᠨ ᠤ ᠰᠠᠤᠠᠭᠢᠯ ᠦᠪ ᠦᠨᠡᠨ︕


ᠦᠪᠣᠷ ᠮᠤᠩᠭ᠋ᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ

ᠵᠤᠬᠢᠶᠠᠭᠴᠢ᠄ ᠨᠠᠮᠵᠢᠯ ᠤᠨ ᠮᠥᠩᠭᠡᠪᠠᠶᠡᠷ
ᠢᠷᠡᠯᠲᠡ᠄ ᠰᠠᠮᠪᠠᠷ᠎ᠠ ᠡᠴᠡ ᠰᠢᠯᠢᠪᠠ
ᠬᠠᠷᠢᠶ᠎ᠠ᠄ ᠰᠢᠯᠦᠭ
ᠳᠠᠷᠤᠮ᠄ 4939
ᠴᠠᠭ᠄ 2007 ᠤᠨ ᠤ 06 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ