☆ ᠪᠠ᠊·ᠣᠤᠠᠬᠤᠠᠪᠠᠭᠠᠳᠤᠷ
ᠭᠦᠯᠢᠶᠡᠯᠳᠡ
ᠪᠦᠷᠭᠡ ᠶᠢᠨ ᠠᠭᠤᠳᠠᠮ ᠨᠤᠳᠤᠭ ᠶᠢᠡᠷ
ᠪᠣᠭᠰᠠᠳᠠᠯᠠ ᠪᠠᠨ ᠬᠠᠢ᠌ᠯᠠ ᠴᠢᠮ᠎ᠠ ᠶᠢ
ᠪᠣᠯᠵᠤᠭ᠎ᠠ ᠦᠭᠡᠶ ᠪᠠᠨ ᠮᠠᠷᠳᠠᠴᠢᠬᠠᠵᠤ ᠪᠢ
ᠪᠠᠷ᠎ᠠ ᠶᠢ ᠴᠢᠨᠢ ᠰᠤᠷᠠᠭᠯᠠᠵᠤ ᠶᠠᠪᠣᠭᠰᠠᠨ ᠶᠤᠮ
ᠰᠥᠪᠠᠭᠡ ᠪᠠᠨ ᠳᠤᠯᠵᠤ
ᠵᠤᠭᠰᠤᠭ᠎ᠠ ᠪᠠᠷ ᠶᠢᠡᠨ ᠪᠦᠭᠦᠢᠰᠭᠡᠨ ᠴᠤ ᠠᠮᠠᠷᠠᠶ᠎ᠠ ᠳ᠋ᠠ
ᠰᠤᠯᠠ ᠰᠡᠯᠡᠭᠦᠨ ᠠᠭᠠᠷ ᠲᠤ
ᠴᠠᠩᠭ᠋ᠠᠭᠠᠨ ᠳᠤ ᠪᠠᠨ ᠨᠢᠭᠡ ᠠᠮᠢᠰᠬᠤᠯᠠᠶᠠ
ᠪᠣᠴᠠᠵᠤ ᠢᠷᠡᠭᠦ ᠦᠭᠡᠶ
ᠮᠦᠷ ᠤᠨ ᠴᠢᠨᠢ ᠬᠣᠢ᠌ᠨ᠎ᠠ ᠡᠴᠠ
ᠪᠠᠢ᠌ᠬᠤ ᠪᠠᠨ ᠥᠭ᠍ᠴᠤ ᠴᠤ ᠴᠢᠳᠠᠭ᠎ᠠ ᠦᠭᠡᠶ
ᠪᠣᠮ ᠭᠡᠭᠡᠡᠴᠢᠷ ᠪᠠᠢ᠌ᠭᠠᠯᠢ ᠳᠤ ᠪᠠᠨ
ᠪᠣᠳᠤᠭ ᠲᠡᠶ ᠪᠠᠨ ᠰᠤᠯᠤᠩᠭ᠋ᠠᠷᠠᠨ ᠶᠠᠪᠣᠭᠰᠠᠨ ᠪᠠᠢ᠌ᠯ᠎ᠠ ᠴᠢ
ᠢᠷᠦᠭᠡᠯ ᠳᠠᠨᠢᠯ ᠤᠨ ᠳᠠᠭᠤᠨ ᠳᠤ
ᠥᠶᠡᠷᠭᠡᠵᠤ ᠭᠠᠭᠴᠠᠬᠠᠨ ᠴᠤ ᠵᠢᠷᠠᠭᠠᠭᠠ ᠦᠭᠡᠶ
ᠢᠷᠡᠭᠦ ᠳᠦᠷᠤᠯ ᠤᠨ ᠵᠠᠶᠠᠭᠠᠨ ᠳᠤ
ᠵᠠᠮ ᠢ ᠴᠢᠨᠢ ᠳᠤᠰᠴᠤ ᠭᠦᠯᠢᠶᠡᠨ᠎ᠡ ᠳ᠋ᠠ ᠁
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ
ᠵᠤᠬᠢᠶᠠᠭᠴᠢ᠄ ᠪᠠ᠊·ᠣᠤᠠᠬᠤᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2635
ᠴᠠᠭ᠄ 2011 ᠤᠨ ᠤ 06 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ