☆ ᠡᠷᠳᠡᠨᠢᠪᠠᠭᠠᠨ᠎ᠠ
ᠴᠠᠭ
(ᠬᠡᠦᠬᠡᠳ ᠤᠨ ᠰᠢᠯᠦᠭ᠌)
ᠴᠢᠭ᠌ ᠴᠠᠭ ᠴᠢᠭ᠌ ᠴᠠᠭ
ᠴᠠᠭᠠᠷᠢᠭ ᠵᠠᠮ ᠶᠢᠡᠨ ᠡᠪᠭᠡᠨ᠎ᠡ
ᠴᠠᠭᠠᠳᠠᠢ ᠨᠠᠭᠠᠳᠠᠢ ᠳᠤ ᠪᠠᠨ ᠣᠰᠤᠯᠳᠠᠯ ᠥᠭᠡᠢ
ᠴᠠᠭᠠᠷᠠᠵᠤ ᠯᠠᠪᠳᠠᠭᠤᠨ ᠶᠠᠪᠣᠨ᠎ᠠ
ᠳᠢᠭ᠌ ᠳᠠᠭ ᠳᠢᠭ᠌ ᠳᠠᠭ
ᠳᠤᠭᠤᠷᠢᠭ ᠵᠢᠮ ᠶᠢᠡᠨ ᠡᠯᠭᠦᠨ᠎ᠡ
ᠳᠤᠳᠤᠷ ᠪᠣᠳᠤᠯ ᠶᠢᠡᠨ ᠠᠯᠳᠠᠯ ᠥᠭᠡᠢ
ᠳᠤᠭᠠᠳᠠᠢ ᠳᠡᠷᠦᠦᠬᠠᠨ ᠭᠡᠯᠳᠦᠷᠢᠨ᠎ᠡ
ᠨᠢᠭᠡ ᠬᠤᠶᠠᠷ ᠨᠢᠭᠡ ᠬᠤᠶᠠᠷ
ᠬᠠᠠᠳᠤᠭᠰᠠᠨ ᠵᠥᠭ᠌ ᠲᠤ ᠪᠠᠨ ᠰᠢᠭᠤᠳᠤᠨ᠎ᠠ
ᠨᠢᠭᠡ ᠯᠠ ᠰᠡᠳᠭᠢᠯ ᠶᠢᠡᠷ ᠬᠤᠪᠢᠷᠠᠯ ᠥᠭᠡᠢ
ᠨᠠᠢ᠌ᠷᠠᠯ ᠭᠦᠭ᠍ᠵᠢᠮ ᠴᠢᠪᠬᠠᠳᠠᠨ᠎ᠠ
ᠡᠷᠡᠭ᠌ ᠰᠤᠷᠠᠭ ᠭᠡᠵᠤ
ᠡᠷᠡᠭᠡᠯᠵᠡᠯ ᠶᠠᠷᠤ ᠪᠠᠢ᠌ᠬᠤ ᠥᠭᠡᠢ
ᠡᠷᠡᠩ ᠳᠠᠷᠠᠩ ᠭᠡᠵᠤ
ᠡᠷᠳᠡᠭᠡᠷ ᠶᠠᠭ ᠪᠣᠯᠬᠤ ᠥᠭᠡᠢ
ᠡᠷᠭᠡ ᠴᠢᠯᠦᠭᠡ ᠶᠡᠮᠡᠷ ᠢ
ᠴᠠᠭ ᠰᠠᠢ᠌ᠬᠠᠨ ᠮᠠᠳᠠᠨ᠎ᠠ
ᠡᠯᠢᠭᠡ ᠵᠢᠷᠦᠭᠡ ᠡᠷᠭᠢᠮ ᠢ
ᠴᠠᠭ ᠦᠨᠡᠨ ᠣᠭᠭᠠᠨᠠ
ᠬᠤᠷᠤᠮ ᠵᠠᠭᠤᠷ᠎ᠠ ᠶᠢ ᠠᠯᠳᠠᠯ ᠥᠭᠡᠢ
ᠬᠤᠷᠳᠤᠨ ᠣᠳᠠᠭᠠᠨ ᠨᠢ ᠬᠤᠪᠢᠷᠠᠯ ᠥᠭᠡᠢ
ᠭᠡᠨ ᠭᠦᠮᠤᠨ ᠭᠡᠵᠤ ᠢᠯᠭᠠᠯ ᠥᠭᠡᠢ
ᠭᠡᠯᠡ ᠠᠮᠠ ᠪᠤᠯᠤᠭ᠎ᠠ ᠥᠭᠡᠢ
ᠴᠠᠭ ᠣᠷᠤᠭᠰᠢ ᠪᠠᠨ ᠶᠠᠪᠣᠨ᠎ᠠ
ᠨᠠᠷᠠ ᠭᠦᠭᠡᠭᠡᠴᠡᠯᠳᠦᠵᠤ ᠶᠠᠪᠣᠨ᠎ᠠ
ᠴᠠᠭ ᠡᠮᠦᠨᠡᠰᠢ ᠪᠠᠨ ᠶᠠᠪᠣᠨ᠎ᠠ
ᠰᠠᠷ᠎ᠠ ᠳᠠᠭᠤᠵᠤ ᠶᠠᠪᠣᠨ᠎ᠠ
ᠴᠠᠭ ᠤᠨ ᠬᠡᠦᠬᠡᠳ ᠪᠢᠳᠠ
ᠴᠠᠭ ᠴᠠᠭ ᠲᠤ ᠪᠠᠨ ᠪᠣᠰᠴᠠᠭᠠᠨᠠ
ᠴᠠᠭ ᠴᠠᠭ ᠲᠤ ᠪᠠᠨ ᠴᠠᠯᠠᠭᠠᠢ᠌ᠳᠠᠬᠤ ᠥᠭᠡᠢ
ᠴᠢᠷᠮᠠᠢ᠌ᠨ ᠰᠤᠷᠤᠯᠴᠠᠨ ᠥᠭᠡᠳᠡᠯᠡᠨ᠎ᠡ᠃
ᠵᠤᠬᠢᠶᠠᠭᠴᠢ ᠶᠢᠨ ᠬᠠᠶᠢᠭ ᠄ ᠭᠢᠩᠭ᠋ᠠᠨ ᠠᠢ᠌ᠮᠠᠭ ᠤᠨ ᠲ᠋ᠤᠮᠳᠠᠳᠤ ᠬᠤᠰᠢᠭᠤᠨ ᠤ ᠵᠡᠭᠦᠨ ᠳᠠᠪᠢᠨ ᠭᠤᠤᠯ ᠪᠠᠭ᠎ᠠ ᠰᠤᠷᠭᠠᠭᠤᠯᠢ
ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠤᠷᠤᠭᠴᠢ ᠶᠢᠨ ᠳᠠᠪᠴᠠᠩᠳᠠᠷᠤᠮ᠄ 11973
ᠴᠠᠭ᠄ 2014 ᠤᠨ ᠤ 04 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ