☆ ᠨᠠ᠊··ᠭᠡᠭᠡᠡᠰᠡᠷᠡ
ᠳᠠᠰᠤ ᠨᠢᠭᠤᠴᠠ
ᠰᠡᠳᠭᠢᠯ ᠳᠤ ᠨᠢᠭᠡ ᠡᠮᠵᠡᠭᠭᠡᠨ ᠨᠢᠭᠤᠴᠠ ᠣᠷᠭᠤᠵᠤ ᠡᠳᠦᠷᠵᠢᠨ ᠨᠠᠮᠢ᠋ᠢ ᠳᠠᠭᠠᠳᠠᠭ
ᠰᠡᠳᠭᠢᠭᠦ ᠡᠴᠠ ᠢᠴᠢᠯ ᠨᠤᠴᠤᠬᠤ ᠶᠤᠮ ᠪᠣᠯᠬᠤ ᠪᠠᠷ ᠨᠢ ᠦᠪᠡᠷ ᠡᠴᠠ ᠪᠠᠨ ᠴᠤ ᠨᠢᠭᠤᠬᠤ ᠶᠢ ᠪᠣᠳᠤᠳᠠᠭ
ᠰᠠᠳᠤᠪ ᠪᠣᠯᠭᠠᠵᠤ ᠪᠢ ᠭᠡᠨ ᠭᠦᠮᠤᠨ ᠳᠤ ᠴᠤ ᠭᠡᠯᠡᠭᠡ ᠦᠭᠡᠶ ᠭᠢᠷᠢ ᠨᠢ
ᠰᠠᠪ ᠠᠪᠴᠢᠬᠠᠭᠰᠠᠨ ᠪᠣᠯᠪᠠ ᠦᠦ ︖ ᠭᠡᠵᠤ ᠳᠡᠷᠭᠡᠳᠡᠭᠢ ᠨᠥᠭᠦᠷ ᠡᠴᠠ ᠪᠠᠨ ᠵᠤᠪᠠᠳᠠᠭ
ᠬᠤᠶᠠᠷ ᠦᠭᠡᠶ ᠭᠠᠭᠴᠠᠬᠠᠨ ᠬᠠᠢ᠌ᠷ᠎ᠠ ᠶᠢᠨ ᠥᠭᠡ ᠠᠷᠭ᠎ᠠ ᠦᠭᠡᠶ ᠴᠤᠬᠤᠯᠵᠠᠬᠤ ᠪᠠᠷ
ᠬᠤᠷᠸ᠎ᠠ ᠳᠤ ᠭᠡᠨ ᠳᠤ ᠴᠤ ᠪᠢᠰᠢ ᠴᠢᠮ᠎ᠠ ᠳᠠᠭᠠᠨ ᠯᠠ ᠳᠤᠰᠢᠶᠠᠬᠤ ᠶᠢ ᠰᠠᠨᠠᠳᠠᠭ
ᠬᠤᠯᠠ ᠶᠠᠪᠣᠬᠤ ᠳᠠᠭᠠᠨ ᠥᠭᠡ ᠪᠠᠨ ᠬᠤᠴᠤᠷᠠᠭᠠᠮᠠᠷ ᠪᠣᠯᠤᠭᠰᠠᠨ ᠴᠤ ᠴᠢᠳᠠᠭ᠎ᠠ ᠦᠭᠡᠶ ᠳ᠋ᠡᠭᠡᠨ
ᠬᠤᠤᠰ ᠨᠢᠳᠤᠨ ᠤ ᠨᠢᠯᠪᠣᠰᠤ ᠭᠠᠰᠢᠭᠤᠬᠠᠨ ᠶᠢᠡᠷ ᠪᠣᠳᠤᠯ ᠣᠷᠤᠭᠤ ᠮᠢᠨᠢ ᠮᠠᠯᠠᠯᠵᠠᠪᠠ
《ᠶᠠᠪᠣᠬᠤ ᠳᠠᠭᠠᠨ ᠳᠠ ᠨᠠᠳᠠ ᠶᠢ ᠰᠠᠨᠠᠭᠰᠠᠨ ᠦᠦ ᠦᠭᠡᠶ ᠦᠦ︖》 ᠭᠡᠵᠤ
ᠢᠷᠠᠭᠤ ᠰᠢᠯᠦᠭ᠌ ᠶᠢᠡᠷ ᠶᠢᠡᠨ ᠴᠢ ᠮᠢᠨᠢ ᠰᠢᠯᠳᠠᠭ ᠪᠣᠯᠭᠠᠵᠤ ᠠᠰᠠᠭᠤᠬᠤ ᠶᠤᠮ
ᠭᠠᠷᠴᠠᠭ᠎ᠠ ᠦᠭᠡᠶ ᠡ ᠳᠡᠯᠡᠭᠡᠢ ᠳᠤ ᠪᠢ ᠴᠢᠨᠢ ᠴᠢᠮ᠎ᠠ ᠳ᠋ᠠᠭᠠᠨ
ᠭᠠᠯ ᠬᠠᠯᠠᠭᠤᠨ ᠳᠠᠷᠠ ᠨᠢᠭᠡᠯᠡ ᠥᠭᠡ ᠶᠢ ᠥᠭ᠍ᠴᠤ ᠴᠢᠳᠠᠬᠤ ᠦᠭᠡᠶ ᠡᠴᠠ ᠬᠣᠢ᠌ᠰᠢ
ᠳᠠᠭ ᠨᠢᠭᠤᠴᠠ ᠳᠠᠰᠤ ᠨᠢᠭᠤᠴᠠ ᠶᠢᠨ ᠳᠠᠷᠠ ᠨᠢᠭᠡ ᠯᠠ ᠥᠭᠡ ᠵᠢ
ᠳᠠᠨ ᠳᠤ ᠪᠠᠢ᠌ᠳᠤᠭᠠᠢ ᠪᠠᠶ᠎ᠠ ᠳᠡᠭᠡᠨ ᠴᠤ ᠠᠶᠤᠵᠤ ᠭᠡᠯᠡᠭᠦ ᠦᠭᠡᠶ ᠶᠤᠮ ᠡ
ᠵᠤᠬᠢᠶᠠᠭᠴᠢ ᠶᠢᠨ ᠬᠠᠶᠢᠭ᠄ ᠦᠪᠣᠷ ᠮᠤᠩᠭ᠋ᠤᠯ ᠤᠨ ᠨᠡᠢ᠌ᠭᠡᠮ ᠤᠨ ᠰᠢᠡᠵᠢᠯᠡᠭᠦ ᠣᠬᠠᠭᠠᠨ ᠤ ᠭᠦᠷᠢᠶᠡᠯᠡᠩ ᠤᠨ ᠣᠤᠠᠬ᠎ᠠ ᠵᠤᠬᠢᠶᠠᠯ ᠰᠤᠳᠤᠯᠬᠤ ᠭᠠᠵᠠᠷ
ᠵᠤᠬᠢᠶᠠᠭᠴᠢ᠄ ᠨᠠ᠊··ᠭᠡᠭᠡᠡᠰᠡᠷᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2633
ᠴᠠᠭ᠄ 2010 ᠤᠨ ᠤ 06 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ