ᠨᠡᠪᠲᠡᠷᠡᠨ ᠤᠷᠤᠬᠤ
ᠮᠡᠳᠡᠭᠡ ᠠᠯᠳᠠᠯ᠎ᠠ

ᠠᠩᠬᠠᠳᠠᠭᠴᠢ ᠣᠳᠠᠭᠠᠨ ᠤ ᠣᠷᠠᠯᠢᠭ ᠤᠨ ᠨᠠᠢ᠌ᠷ ᠮᠢᠨᠢ

ᠠᠰᠤᠷᠤ ᠰᠠᠢ᠌ᠬᠠᠨ ᠶᠠᠪᠣᠭᠳᠠᠯ᠎ᠠ

ᠠᠠᠳᠠᠢ ᠪᠦᠵᠢᠭ᠌ ᠲᠤ ᠨᠢ ᠰᠤᠭᠳᠤᠭᠤᠷᠠᠭᠠᠤᠨ

ᠠᠯᠠᠭ᠎ᠠ ᠳᠠᠰᠢᠭᠠᠤᠨ ᠶᠠᠳᠠᠷᠠᠯ᠎ᠠ

ᠠᠪᠢᠶᠠᠰ ᠴᠢᠳᠠᠪᠣᠷᠢ ᠳᠤ ᠨᠢ ᠳᠠᠳᠠᠭᠳᠠᠭᠠᠤᠨ

ᠠᠯᠠᠭ ᠨᠢᠳᠤ ᠮᠢᠨᠢ ᠵᠤᠭᠰᠤᠯ᠎ᠠ᠃


ᠮᠤᠩᠭ᠋ᠤᠯ ᠤᠨ ᠬᠡᠦᠬᠡᠳ ᠳᠠᠭᠤᠴᠢ ᠪᠠᠢ᠌ᠨ᠎ᠠ

ᠳᠠᠭᠤᠨ ᠤ ᠭᠢᠨᠢ ᠬᠠᠩᠭᠢᠨᠠᠮ᠎ᠠ ᠭᠡᠰᠡᠨ

ᠮᠤᠩᠭ᠋ᠤᠯ ᠤᠨ ᠬᠡᠦᠬᠡᠳ ᠪᠦᠵᠢᠭ᠍ᠴᠢ ᠪᠠᠢ᠌ᠨ᠎ᠠ

ᠪᠦᠵᠢᠭ᠌ ᠤᠨ ᠭᠢᠨᠢ ᠭᠤᠶᠤᠬᠠᠨ ᠭᠡᠰᠡᠨ᠃


ᠣᠶᠠᠩᠭ᠋ᠠᠳᠤ ᠰᠠᠢ᠌ᠬᠠᠨ ᠳᠠᠭᠤᠨ ᠳᠤ ᠨᠢ

ᠣᠰᠬᠠᠯ ᠨᠢᠳᠤ ᠮᠢᠨᠢ ᠵᠠᠢ᠌ᠷᠳᠤᠵᠤ ᠵᠠᠪᠳᠤᠯ᠎ᠠ

ᠣᠶᠠᠷᠠᠭᠤᠨ ᠡᠪᠬᠡᠷᠡᠭᠦᠨ ᠠᠶᠠᠰ ᠲᠤ ᠨᠢ

ᠡᠵᠢ ᠠᠪᠣ ᠪᠠᠨ ᠰᠠᠨᠠᠵᠤ ᠵᠠᠪᠳᠤᠯ᠎ᠠ᠃


ᠰᠠᠪᠬᠠᠨ ᠪᠦᠵᠢᠭ᠌ ᠤᠨ ᠭᠢᠨᠢ ᠰᠠᠵᠢᠯᠠᠭᠠᠨ ᠳᠤ ᠨᠢ

ᠰᠠᠨᠠᠭ᠎ᠠ ᠰᠡᠳᠭᠢᠯ ᠭᠦᠭ᠍ᠰᠡᠵᠤ ᠵᠠᠪᠳᠤᠯ᠎ᠠ

ᠰᠠᠢ᠌ᠬᠠᠨ ᠮᠤᠩᠭ᠋ᠤᠯ ᠰᠤᠶᠤᠯ ᠳᠤ ᠪᠠᠨ

ᠰᠡᠳᠭᠢᠯ ᠵᠢᠷᠦᠭᠡ ᠮᠢᠨᠢ ᠰᠢᠮᠠᠳᠴᠤ ᠵᠠᠪᠳᠤᠯ᠎ᠠ᠃


ᠠᠵᠢᠨᠠᠢ ᠭᠦᠯᠦᠭ᠌ ᠤᠨ ᠭᠢᠨᠢ ᠳᠤᠪᠳᠤᠯᠤᠭᠠᠨ ᠳᠤ ᠨᠢ

ᠠᠭᠢᠳᠤ ᠳᠠᠯ᠎ᠠ ᠮᠢᠨᠢ ᠣᠪᠣᠯᠵᠠᠵᠤ ᠵᠠᠪᠳᠤᠯ᠎ᠠ

ᠠᠵᠢᠭᠯᠠᠵᠤ ᠰᠠᠭᠤᠭᠰᠠᠨ ᠮᠢᠨᠤ ᠪᠣᠳᠤᠯ

ᠠᠷᠪᠠᠨ ᠭᠤᠷᠪᠠᠳᠤᠭᠠᠷ ᠵᠠᠭᠤᠨ ᠳᠤ ᠭᠦᠷᠴᠤ ᠵᠠᠪᠳᠤᠯ᠎ᠠ᠃


ᠣᠳᠤ ᠦᠶ᠎ᠡ ᠶᠢᠨ ᠪᠦᠵᠢᠭ᠌ ᠢ ᠴᠤ

ᠣᠭᠤ ᠰᠠᠢ᠌ᠬᠠᠨ ᠳᠤᠭᠯᠠᠯ᠎ᠠ

ᠣᠭᠰᠢᠵᠤ ᠪᠣᠯᠭᠢᠭᠰᠠᠨ ᠠᠶᠠᠰ ᠲᠤ ᠨᠢ

ᠠᠭᠤᠰᠭᠢ ᠵᠢᠷᠦᠭᠡ ᠰᠤᠭᠤᠷᠠᠬᠤ ᠰᠢᠬᠠᠯ᠎ᠠ

ᠣᠯᠪᠣᠭ ᠰᠠᠠᠳᠠᠯᠢ ᠬᠤᠶᠠᠷ ᠲᠤ ᠪᠠᠨ

ᠳᠤᠭᠳᠠᠵᠤ ᠴᠢᠳᠠᠬᠤ ᠦᠭᠡᠶ ᠤᠢ᠌ᠴᠢᠬᠤ ᠰᠢᠬᠠᠯ᠎ᠠ

ᠳᠤᠬᠤ ᠳᠤᠯᠤᠭᠠᠢ ᠬᠤᠶᠠᠷ ᠮᠢᠨᠢ

ᠲᠦᠩᠭᠢᠨᠠᠵᠤ ᠳᠣᠢ᠌ᠷᠠᠵᠤ ᠬᠠᠭᠠᠷᠠᠬᠤ ᠰᠢᠬᠠᠯ᠎ᠠ

ᠳᠦᠷᠪᠠᠨ ᠳᠠᠪᠬᠤᠷ ᠠᠰᠠᠷ ᠴᠤ

ᠰᠠᠭᠤᠷᠢ ᠪᠠᠷ ᠶᠢᠡᠨ ᠪᠣᠯᠭᠤᠷᠠᠬᠤ ᠰᠢᠬᠠᠯ᠎ᠠ᠃


ᠢᠷᠠᠭᠤ ᠮᠤᠩᠭ᠋ᠤᠯ ᠭᠡᠯᠡ ᠪᠠᠷ ᠵᠢᠠᠨ

ᠳᠤᠭᠯᠠᠯᠳᠠ ᠮᠡᠳᠡᠭᠦᠯᠦᠭ᠍ᠰᠡᠨ ᠨᠢ ᠰᠠᠢ᠌ᠬᠠᠨ ᠭᠡᠰᠡᠨ

ᠢᠯᠭᠤᠮ ᠳᠤᠳᠤ ᠣᠶᠠᠩᠭ᠋ᠠᠯᠠᠭᠠᠤᠨ

ᠶᠠᠷᠢᠭᠠᠤᠨ ᠣᠷᠤᠬᠤ ᠨᠢ ᠡᠪᠳᠡᠢ ᠭᠡᠰᠡᠨ


ᠬᠤᠶᠠᠷ ᠭᠡᠯᠡ ᠶᠢ ᠴᠤ ᠬᠤᠤᠰᠯᠠᠭᠤᠯᠤᠭ᠎ᠠ ᠥᠭᠡᠢ

ᠬᠤᠭᠤᠰᠤᠨ ᠭᠢᠳᠠᠤᠨ ᠶᠢᠡᠷ ᠮᠡᠳᠡᠭᠦᠯᠭᠦ ᠨᠢ ᠠᠷᠪᠢᠨ ᠭᠡᠰᠡᠨ

ᠬᠠᠷᠠᠵᠤ ᠰᠠᠭᠤᠭᠰᠠᠨ ᠮᠢᠨᠤ ᠵᠢᠷᠦᠭᠡ ᠶᠢᠨ ᠪᠠᠵᠠᠯᠠᠭᠰᠠᠨ ᠭᠡᠰᠡᠨ

ᠬᠠᠶᠠ ᠬᠠᠶᠠ ᠵᠤᠭᠰᠤᠭᠠᠤᠨ ᠠᠶᠤᠯᠭᠠᠭᠰᠠᠨ ᠭᠡᠰᠡᠨ᠃


ᠬᠠᠷᠢᠨ ᠭᠡᠮ᠂   ᠶᠠᠭᠠᠭᠢᠵᠤ ᠪᠠᠢ᠌ᠨ᠎ᠠ ᠭᠡᠵᠤ

ᠬᠠᠰᠭᠢᠷᠴᠤ ᠪᠣᠰᠬᠤ ᠶᠢ ᠵᠠᠪᠳᠤᠳᠠᠯ᠎ᠠ

《ᠭᠢᠳᠠᠤᠨ ᠲᠤ ᠪᠠᠨ ᠳᠦᠳᠠ ᠶᠤᠮ ᠴᠢᠨᠢ

ᠳᠡᠭᠦᠨ ᠶᠢᠡᠷ ᠨᠢ ᠭᠡᠯᠡᠭᠦᠯᠪᠠᠯ ᠠᠮᠠᠷᠬᠠᠨ》   ᠭᠡᠵᠤ

ᠬᠠᠵᠠᠭᠤ ᠳᠤ ᠰᠠᠭᠤᠭᠰᠠᠨ ᠨᠢᠭᠡ ᠪᠠᠭᠰᠢ ᠮᠢᠨᠢ

ᠬᠠᠠᠴᠤᠢ ᠡᠴᠠ ᠳᠠᠳᠠᠵᠤ ᠠᠮᠢ ᠣᠷᠤᠭᠤᠯᠤᠯ᠎ᠠ

ᠬᠠᠢ᠌ᠷᠠᠨ ᠪᠠᠢ᠌ᠨ᠎ᠠ᠂   ᠮᠤᠩᠭ᠋ᠤᠯ ᠤᠨ ᠦᠷᠠᠰ

ᠶᠠᠭᠠᠭᠢᠭᠠᠤᠨ ᠳᠠᠢ᠌ᠮᠤ ᠪᠣᠯᠤᠯ᠎ᠠ ᠭᠡᠳ

ᠬᠠᠰᠢᠯᠠ ᠪᠢ ᠳᠠᠰᠴᠤ ᠴᠢᠳᠠᠯ ᠥᠭᠡᠢ

ᠬᠠᠷᠠᠭ᠎ᠠ ᠪᠠᠯᠠᠷᠠᠭᠠᠤᠨ ᠮᠡᠳᠡᠭᠡ ᠠᠯᠳᠠᠯ᠎ᠠ᠃


ᠵᠤᠬᠢᠶᠠᠭᠴᠢ ᠶᠢᠨ ᠬᠠᠶ‍ᠢᠭ ᠄ ᠲᠦᠩᠯᠢᠶᠤᠤ  ᠬᠤᠳᠠ᠂   ᠬᠤᠷᠴᠢᠨ ᠵᠡᠭᠦᠨ ᠭᠠᠷᠤᠨ ᠬᠣᠢ᠌ᠳᠤ ᠬᠤᠰᠢᠭᠤ᠂   ᠡᠮᠡᠭᠡᠯ ᠳᠤᠮᠳᠠᠳᠤ ᠰᠤᠷᠭᠠᠭᠤᠯᠢ

ᠵᠤᠬᠢᠶᠠᠭᠴᠢ᠄ ᠪᠠᠶᠠᠭᠤᠳ ᠳᠡᠭᠦᠦᠵᠡᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2636
ᠴᠠᠭ᠄ 2010 ᠤᠨ ᠤ 09 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ