☆ ᠪᠣ·ᠪᠠᠳᠦᠮᠦ᠋ᠩᠭᠡ
ᠮᠥᠩᠭᠡ ᠶᠢᠨ ᠭᠡᠷᠢᠶᠡᠰᠤ
ᠮᠤᠷᠢ ᠪᠠᠨ ᠬᠤᠳᠠᠯᠳᠤᠵᠤ ᠪᠣᠯᠤᠨ᠎ᠠ
ᠮᠤᠩᠭ᠋ᠤᠯ ᠭᠡᠳᠡᠭ᠌ ᠨᠠᠷᠠ ᠪᠠᠨ
ᠬᠤᠳᠠᠯᠳᠤᠵᠤ ᠪᠣᠯᠬᠤ ᠥᠭᠡᠢ
ᠮᠤᠩᠭ᠋ᠤᠯ ᠭᠡᠷ ᠲᠡᠭᠡᠨ ᠰᠠᠭᠤᠬᠤ ᠦᠭᠡᠶ ᠪᠠᠢ᠌ᠵᠤ ᠪᠣᠯᠤᠨ᠎ᠠ
ᠮᠥᠮᠥ ᠶᠢᠨ ᠰᠥ᠋ ᠳ᠋ᠡᠭᠡᠨ
ᠣᠰᠤᠯᠳᠠᠵᠤ ᠪᠣᠯᠬᠤ ᠥᠭᠡᠢ
ᠳᠠᠯ᠎ᠠ ᠨᠤᠳᠤᠭ ᠡᠴᠡ ᠪᠠᠨ ᠠᠶᠠᠷᠯᠠᠵᠤ ᠪᠣᠯᠤᠨ᠎ᠠ
ᠳᠡᠭ᠍ᠷᠢ ᠶᠢ ᠨᠢ ᠪᠢᠳᠡᠭᠡᠢ ᠮᠠᠷᠳᠠ
ᠳᠡᠷᠯᠢᠭ᠌ ᠶᠢᠡᠨ ᠡᠮᠦᠰᠭᠦ ᠦᠭᠡᠶ ᠪᠠᠢ᠌ᠵᠤ ᠪᠣᠯᠤᠨ᠎ᠠ
ᠳᠤᠪᠴᠢ ᠶᠢ ᠨᠢ ᠪᠢᠳᠡᠭᠡᠢ ᠳᠠᠰᠤᠯ᠎ᠠ
ᠭᠠᠯ ᠳᠠᠭᠠᠨ ᠣᠰᠤ ᠪᠢᠳᠡᠭᠡᠢ ᠰᠠᠴᠤ
ᠭᠠᠯᠪᠠ ᠶᠡᠭᠦᠷᠡᠵᠤ ᠮᠠᠳᠠᠨ᠎ᠠ
ᠭᠤᠯᠤᠮᠳᠠ ᠶᠢᠨ ᠵᠢᠠᠨ
ᠴᠢᠯᠠᠭᠤ ᠶᠢ ᠪᠢᠳᠡᠭᠡᠢ ᠭᠦᠳᠡᠯᠭᠡ
ᠭᠠᠵᠠᠷ ᠭᠦᠳᠡᠯᠵᠤ ᠮᠠᠳᠠᠨ᠎ᠠ
ᠢᠨᠢᠶᠠᠪᠠᠴᠤ ᠮᠤᠩᠭ᠋ᠤᠯ ᠶᠢᠡᠷ ᠶᠢᠡᠨ ᠢᠨᠢᠶᠠ
ᠣᠭᠢᠯᠠᠪᠠᠴᠤ ᠮᠤᠩᠭ᠋ᠤᠯ ᠶᠢᠡᠷ ᠶᠢᠡᠨ ᠣᠭᠢᠯᠠ
ᠡᠨᠡ ᠨᠠᠰᠤᠨ ᠳᠠᠭᠠᠨ ᠬᠠᠮᠢᠭ᠎ᠠ ᠶᠠᠪᠣᠭᠰᠠᠨ ᠴᠤ
ᠡᠷᠭᠢᠵᠤ ᠳᠦᠷᠦᠭᠦ ᠳᠡᠭᠡᠨ ᠪᠠᠰᠠ ᠯᠠ
ᠮᠤᠩᠭ᠋ᠤᠯ ᠶᠢᠡᠷ ᠶᠢᠡᠨ ᠲᠦᠷᠦ
ᠵᠤᠬᠢᠶᠠᠭᠴᠢ᠄ ᠪᠣ·ᠪᠠᠳᠦᠮᠦ᠋ᠩᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2634
ᠴᠠᠭ᠄ 2009 ᠤᠨ ᠤ 06 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ