☆ ᠶᠢᠨ ᠯᠦᠩ
ᠤᠮᠠᠷ᠎ᠠ ᠶᠢᠨ ᠬᠤᠩᠭ᠋ᠤᠷ ᠰᠠᠯᠭᠢ
ᠪᠣᠴᠠᠵᠤ ᠡᠷᠭᠢᠭᠦ
ᠨᠠᠷᠠᠨ ᠤ ᠮᠢᠩᠭ᠋ᠠᠨ ᠰᠢᠷᠭᠡᠭ᠌ ᠢ ᠰᠡᠮᠡᠷᠡᠭᠦᠯᠵᠤ
ᠪᠣᠳᠤᠯ ᠰᠡᠪᠳᠦᠭᠡᠭᠦ
ᠳᠤᠷᠠᠳᠬᠠᠯ ᠤᠨ ᠲᠦᠮᠡᠨ ᠰᠢᠵᠢᠮ ᠢ ᠣᠷᠳᠤᠯᠠᠭᠤᠯᠤᠨ
ᠣᠯᠠᠷᠢᠯ ᠵᠦᠰᠠᠵᠤ
ᠣᠮᠠᠷ᠎ᠠ ᠶᠢᠨ ᠬᠤᠩᠭ᠋ᠤᠷ ᠰᠠᠯᠭᠢ
ᠥᠡᠳᠦᠷᠯᠢᠭ᠌ ᠤᠨ ᠳᠠᠯ᠎ᠠ ᠪᠠᠷ ᠰᠠᠪᠠᠯᠵᠠᠨᠠ
ᠣᠢ᠌ᠤᠠᠬᠠᠷ ᠴᠤᠬᠤᠯᠵᠠᠭᠤᠯᠵᠤ
ᠣᠮᠠᠷ᠎ᠠ ᠶᠢᠨ ᠬᠤᠩᠭ᠋ᠤᠷ ᠰᠠᠯᠭᠢ
ᠰᠡᠳᠭᠢᠯ ᠤᠨ ᠵᠠᠢ ᠪᠠᠷ ᠰᠠᠩᠰᠠᠷᠠᠨᠠ ᠁᠁
ᠬᠠᠪᠣᠷ ᠲᠠᠭᠠᠨ ᠣᠷᠤᠬᠤ ᠶᠢ ᠳᠤᠷᠠᠯᠠᠭ᠎ᠠ ᠦᠭᠡᠶ
ᠨᠠᠮᠤᠷ ᠤᠨ ᠪᠣᠷᠤᠭᠠᠨ ᠳᠤ ᠬᠠᠨᠢᠰᠴᠤ
ᠬᠠᠭᠳᠠᠷᠠᠭᠰᠠᠨ ᠰᠡᠳᠭᠢᠯ ᠤᠨ ᠴᠤᠭᠤᠷᠬᠠᠢ ᠪᠠᠷ
ᠨᠠᠪᠳᠠᠷᠬᠠᠢ ᠪᠣᠳᠤᠯ ᠢ ᠣᠢ᠌ᠯᠠᠭᠤᠯᠤᠨ
ᠠᠭᠤᠯᠠᠰ ᠤᠨ ᠴᠡᠩᠭᠡᠷ ᠣᠷᠤᠢ ᠳᠡᠭᠡᠭᠦᠷ
ᠣᠷᠠᠨ ᠰᠢᠪᠠᠭᠤᠳ ᠤᠨ ᠭᠡᠯᠡ ᠳᠡᠭᠡᠭᠦᠷ
ᠣᠨᠠᠬᠤ ᠨᠠᠪᠴᠢᠰ ᠤᠨ ᠭᠤᠨᠢᠭ ᠤᠨ ᠳᠡᠭᠡᠭᠦᠷ
ᠣᠬᠠᠭᠠᠨ ᠤ ᠳᠤᠷᠭᠠᠨ ᠳᠠᠯ᠎ᠠ ᠳᠡᠭᠡᠭᠦᠷ
ᠰᠡᠢ᠌ᠷᠡᠭ᠌ ᠳᠠᠯ᠎ᠠ ᠶᠢᠨ ᠦᠷᠤᠴᠠᠨ ᠳᠡᠭᠡᠭᠦᠷ
ᠰᠡᠵᠢᠭᠦᠷ ᠰᠠᠷᠠᠨ ᠤ ᠳᠤᠶᠠᠭᠠᠨ ᠳᠡᠭᠡᠭᠦᠷ
ᠰᠡᠮᠡᠷᠭᠡᠢ ᠪᠣᠳᠤᠯ ᠤᠨ ᠭᠢᠯᠢ ᠳᠡᠭᠡᠭᠦᠷ
ᠰᠢᠯᠦᠭ᠌ ᠨᠠᠢ᠌ᠷᠠᠭ ᠤᠨ ᠮᠦᠷ ᠳᠡᠭᠡᠭᠦᠷ
ᠭᠤᠯᠢᠶᠠᠨ ᠳᠠᠭᠤ ᠶᠢ ᠳᠠᠰᠤᠯᠳᠠᠭᠤᠯᠵᠤ
ᠴᠢ ᠶᠠᠭᠤᠨ ᠳᠡᠭᠠᠨ ᠰᠠᠭᠠᠳᠠᠨ᠎ᠠ ᠪᠣᠢ ︖
ᠭᠤᠪᠢ ᠶᠢᠨ ᠨᠠᠷᠠ ᠶᠢ ᠴᠡᠩᠭᠡᠷᠯᠡᠭᠦᠯᠵᠤ
ᠴᠢ ᠶᠠᠭᠤᠨ ᠳᠡᠭᠠᠨ ᠰᠠᠩᠰᠠᠷᠠᠨᠠ ᠪᠣᠢ ︖
ᠨᠠᠪᠴᠢᠨ ᠤ ᠨᠤᠭᠤᠭᠠᠨ ᠥᠩᠭᠡ ᠶᠢ ᠳᠠᠷᠳᠠᠭᠤᠯᠵᠤ
ᠴᠢ ᠶᠠᠭᠤᠨ ᠳᠡᠭᠠᠨ ᠰᠠᠪᠠᠯᠵᠠᠨᠠ ᠪᠣᠢ ︖
ᠨᠠᠮᠵᠢᠭᠤᠨ ᠰᠦᠨᠢ ᠶᠢᠨ ᠪᠣᠳᠤᠯ ᠢ ᠡᠪᠳᠡᠵᠤ
ᠴᠢ ᠶᠠᠭᠤᠨ ᠳᠡᠭᠠᠨ ᠦᠶᠡᠯᠵᠠᠨᠠ ᠪᠣᠢ ︖
ᠣᠯᠠᠷᠢᠯ ᠵᠦᠰᠠᠵᠤ
ᠣᠮᠠᠷ᠎ᠠ ᠶᠢᠨ ᠬᠤᠩᠭ᠋ᠤᠷ ᠰᠠᠯᠭᠢ
ᠥᠡᠳᠦᠷᠯᠢᠭ᠌ ᠤᠨ ᠳᠠᠯ᠎ᠠ ᠪᠠᠷ ᠰᠠᠪᠠᠯᠵᠠᠨᠠ
ᠣᠢ᠌ᠤᠠᠬᠠᠷ ᠴᠤᠬᠤᠯᠵᠠᠭᠤᠯᠵᠤ
ᠣᠮᠠᠷ᠎ᠠ ᠶᠢᠨ ᠬᠤᠩᠭ᠋ᠤᠷ ᠰᠠᠯᠭᠢ
ᠰᠡᠳᠭᠢᠯ ᠤᠨ ᠵᠠᠢ ᠪᠠᠷ ᠰᠠᠩᠰᠠᠷᠠᠨᠠ ᠁᠁
ᠵᠤᠬᠢᠶᠠᠭᠴᠢ ᠶᠢᠨ ᠬᠠᠶᠢᠭ᠄ ᠵᠠᠷᠤᠳ ᠬᠤᠰᠢᠭᠤ ᠭᠠᠬᠠᠢ᠌ᠳᠤ ᠰᠤᠷᠭᠠᠭᠤᠯᠢ
ᠵᠤᠬᠢᠶᠠᠭᠴᠢ᠄ ᠶᠢᠨ ᠯᠦᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2683
ᠴᠠᠭ᠄ 2010 ᠤᠨ ᠤ 09 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ