☆ ᠬᠠᠨ ᠵᠢᠷᠤᠮᠳᠤ
ᠠᠪᠣ ᠶᠢᠨ ᠰᠡᠳᠭᠢᠯ
ᠠᠮᠢᠳᠤᠷᠠᠯ ᠤᠨ ᠳᠠᠪᠠᠭᠠᠨ ᠳᠤ ᠠᠪᠣ ᠮᠢᠨᠢ
ᠠᠯᠬᠤᠵᠤ ᠪᠦᠳᠦᠷᠢᠵᠤ ᠶᠠᠪᠤᠨ ᠳᠡᠮᠡᠴᠡᠭ᠍ᠰᠡᠭᠡᠷ᠂
ᠠᠷᠠᠭ᠎ᠠ ᠰᠢᠳᠤ ᠨᠢ ᠠᠯᠠᠭ᠎ᠠ ᠪᠣᠯᠪᠠ
ᠠᠷᠤ ᠨᠢᠷᠤᠭᠤ ᠨᠢ ᠮᠡᠭ᠍ᠵᠢᠭᠡᠷ ᠪᠣᠯᠪᠠ᠃
ᠳᠠᠪᠠᠭ᠎ᠠ ᠪᠠᠨ ᠭᠠᠷᠤᠭᠠᠤᠨ ᠠᠪᠣ ᠮᠢᠨᠢ
ᠳᠠᠯᠠᠨ ᠬᠠᠪᠣᠷ ᠲᠤ ᠵᠤᠴᠢᠨ ᠪᠣᠯᠪᠠ᠂
ᠳᠠᠪᠬᠤᠷᠯᠠᠨ ᠵᠤᠵᠠᠭᠠᠯᠠᠵᠤ ᠡᠮᠦᠰᠭᠦ ᠪᠣᠯᠪᠠᠴᠤ
ᠳᠠᠭᠠᠷᠠᠳᠠᠰᠤ ᠭᠦᠷᠴᠤ ᠵᠤᠪᠠᠬᠤ ᠪᠣᠯᠪᠠ᠃
ᠠᠯᠠᠭᠠᠳᠠᠵᠤ ᠰᠠᠨᠠᠭᠰᠠᠨ ᠥᠷ᠎ᠡ ᠵᠤᠯᠵᠠᠭ᠎ᠠ ᠨᠢ
ᠠᠪᠣ ᠶᠢᠨ ᠶᠢᠡᠨ ᠮᠦᠷ ᠶᠢᠡᠷ ᠶᠠᠪᠤᠨ ᠳᠡᠮᠡᠴᠡᠭ᠍ᠰᠡᠭᠡᠷ᠂
ᠠᠷᠠᠭ᠎ᠠ ᠰᠢᠳᠤ ᠨᠢ ᠪᠦᠷᠢᠨ ᠪᠣᠯᠪᠠ
ᠠᠷᠤ ᠨᠢᠷᠤᠭᠤ ᠨᠢ ᠭᠦᠴᠦᠳᠡᠢ ᠪᠣᠯᠪᠠ᠃
ᠳᠠᠪᠠᠭᠠᠨ ᠳᠡᠭᠡᠷ᠎ᠡ ᠭᠠᠷᠤᠭᠠᠤᠨ ᠬᠡᠦᠬᠡᠳ ᠨᠢ
ᠳᠠᠯᠠᠪᠴᠢ ᠪᠠᠨ ᠳᠡᠯᠭᠡᠨ ᠨᠢᠰᠭᠦ ᠪᠣᠯᠪᠠ᠂
ᠳᠠᠯᠠᠢ ᠶᠡᠭᠡ ᠥᠷᠢᠰᠦᠯᠳᠦᠭᠡᠨ ᠳ᠋ᠤ
ᠳᠠᠪᠠᠳᠠᠢ ᠵᠢᠷᠭᠠᠵᠤ ᠶᠠᠪᠣᠬᠤ ᠪᠣᠯᠪᠠ᠃
ᠬᠣᠢ᠌ᠮᠤᠷ ᠶᠢᠠᠨ ᠰᠠᠭᠢᠭᠰᠠᠨ ᠠᠪᠣ ᠮᠢᠨᠢ
ᠬᠤᠯᠵᠢᠬᠤ ᠨᠣᠢ᠌ᠷ ᠶᠢᠡᠨ ᠮᠠᠨᠠᠬᠤ ᠪᠣᠯᠪᠠ᠂
ᠬᠤᠯᠠ ᠶᠠᠪᠣᠭᠰᠠᠨ ᠥᠷ᠎ᠡ ᠪᠠᠨ ᠰᠠᠨᠠᠭᠠᠤᠨ
ᠬᠤᠪᠳᠤᠯ ᠵᠢᠷᠦᠭᠡ ᠨᠢ ᠡᠪᠠᠦᠡᠭᠦ ᠪᠣᠯᠪᠠ᠃
2009-4-24
ᠵᠤᠬᠢᠶᠠᠭᠴᠢ᠄ ᠬᠠᠨ ᠵᠢᠷᠤᠮᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3504
ᠴᠠᠭ᠄ 2009 ᠤᠨ ᠤ 04 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ