☆ ᠡᠷᠳᠡᠨᠢᠪᠠᠭᠠᠨ᠎ᠠ
ᠮᠤᠷᠢ ᠣᠭᠢᠯᠠᠬᠤ ᠶᠢᠨ ᠣᠴᠢᠷ
ᠢᠵᠢᠯᠢ ᠶᠢᠨ ᠶᠢᠡᠨ ᠴᠢᠰᠤ ᠶᠢ ᠬᠠᠷᠠᠬᠤ ᠳᠤ ᠪᠠᠨ ᠮᠤᠷᠢ ᠱᠠᠷᠭᠢᠷᠠᠨ ᠱᠤᠤᠭᠢᠨᠠᠳᠤᠵᠤ
ᠢᠵᠢᠯ ᠠᠯᠠᠭ ᠨᠢᠳᠤᠨ ᠡᠴᠠ ᠪᠠᠨ ᠪᠦᠭᠡᠮ ᠪᠦᠭᠡᠮ ᠳᠤᠷᠠᠰᠤᠯ ᠤᠨ ᠨᠢᠯᠪᠣᠰᠤ ᠣᠨᠠᠭᠠᠳᠠᠭ
ᠳᠠᠯ᠎ᠠ ᠶᠢᠨ ᠬᠠᠢ᠌ᠷ᠎ᠠ ᠳᠤ ᠬᠠᠮᠳᠤ ᠪᠠᠢ᠌ᠭᠰᠠᠨ ᠮᠤᠷᠢ ᠨᠢ ᠬᠠᠯᠢᠬᠤ ᠳᠤ ᠪᠦᠭ᠍ᠴᠢᠮᠡᠳᠡᠵᠤ
ᠳᠠᠨᠢᠯ ᠮᠤᠷᠢ ᠨᠢ ᠳᠠᠢ᠌ᠴᠠᠨ ᠳᠡᠪᠭᠡᠷᠤᠨ ᠠᠮᠢ ᠨᠠᠰᠤ ᠨᠢ ᠳᠦᠷᠠᠯᠵᠠᠨ ᠴᠤᠪᠬᠤᠷᠠᠨᠠ ᠭᠡᠨ᠎ᠡ ᠯᠠᠢ
ᠳᠠᠯ᠎ᠠ ᠳᠤ ᠪᠠᠨ ᠥᠭᠦᠭ᠍ᠰᠡᠨ ᠮᠤᠷᠢ ᠪᠠᠨ ᠰᠡᠳᠭᠢᠯ ᠳᠤ ᠪᠠᠨ ᠪᠣᠩᠬᠤᠯᠠᠬᠤ ᠥᠭᠡᠢ
ᠳᠡᠭ᠍ᠷᠢ ᠶᠢᠨ ᠣᠮᠠᠷᠳᠠᠭ ᠭᠦᠷᠳᠡᠯ᠎ᠡ ᠨᠢ ᠮᠦᠷᠦᠭᠡᠳᠤᠨ ᠳᠡᠭᠦᠯᠢᠭᠦ ᠭᠡᠵᠤ ᠰᠢᠬᠠᠮᠳᠠᠨ
ᠳᠡᠰᠭᠡᠯ ᠠᠯᠳᠠᠨ ᠨᠠᠷᠠᠨ ᠤ ᠳᠤᠤᠷ᠎ᠠ ᠮᠤᠷᠢ ᠨᠠᠷᠠ ᠪᠠᠨ ᠬᠠᠢ᠌ᠷᠠᠯᠠᠨ ᠳᠠᠪᠭᠢᠵᠤ
ᠳᠡᠷᠪᠠᠭᠡᠷ ᠰᠠᠷᠠᠨ ᠳᠤ ᠳᠠᠪᠠᠷᠢ ᠳᠤ ᠪᠠᠨ ᠭᠠᠵᠠᠷ ᠶᠢᠡᠨ ᠥᠮᠴᠢᠷᠭᠡᠨ ᠳᠤᠷᠠᠰᠤᠨ᠎ᠠ ᠭᠡᠨ᠎ᠡ ᠯᠠᠢ᠁
ᠵᠤᠬᠢᠶᠠᠭᠴᠢ ᠶᠢᠨ ᠬᠠᠶᠢᠭ ᠄ ᠭᠢᠩᠭ᠋ᠠᠨ ᠤ ᠲᠦᠰᠢᠶᠠᠳᠤ
ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2649
ᠴᠠᠭ᠄ 2012 ᠤᠨ ᠤ 12 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ