ᠨᠡᠪᠲᠡᠷᠡᠨ ᠤᠷᠤᠬᠤ
ᠢᠯᠭᠣᠮ ᠰᠠᠷᠡᠨ ᠤ ᠬᠡᠷᠡᠯ    

ᠪᠠᠷ᠎ᠠ ᠶᠢ ᠴᠢᠨᠢ ᠬᠠᠷᠠᠬᠰᠠᠭᠠᠷ ᠣᠶᠠᠷᠠᠴᠢᠬᠠᠬᠣ

    ᠪᠠᠭᠠᠬᠠᠨ ᠬᠡᠳ᠋ᠣᠨ ᠡᠳ᠋ᠣᠷ ᠪᠣᠯᠣᠯ ᠦᠭᠡᠶ ᠰᠢᠯᠦᠭ᠌ ᠪᠢᠴᠢᠳ᠋ᠡᠭ᠌ ᠢ

        ᠴᠡᠴᠡᠭ᠌ ᠴᠡᠰᠣ ᠬᠣᠶᠠᠷ ᠲᠦ᠋ᠷᠪᠡ ᠡᠬᠡᠯᠵᠢᠯᠡᠭ᠍ᠰᠡᠨ ᠢ ᠪᠢ ᠮᠡᠳ᠋ᠡᠨ᠎ᠠ

ᠲᠠᠭᠣ ᠶᠢ ᠴᠢᠨᠢ ᠰᠣᠨᠣᠰᠣᠭᠰᠠᠭᠠᠷ ᠲᠡᠷᠪᠡᠴᠢᠬᠡᠬᠦ

    ᠲᠡᠢ᠌ᠮᠣ ᠯᠡ ᠰᠠᠢ᠌ᠬᠠᠨ ᠦᠬᠡᠨ ᠳ᠋ᠥ ᠴᠢᠨᠢ ᠪᠣᠳ᠋ᠣᠯ ᠨᠣᠷᠣᠴᠢᠬᠠᠳ᠋ᠠᠭ ᠢ

        ᠴᠡᠩᠭᠡᠷ ᠲᠡᠭ᠍ᠷᠢ ᠶᠢᠨ ᠣᠳ᠋ᠣ ᠰᠦ᠋ᠨᠢ ᠪᠡᠷ ᠬᠠᠷᠪᠣᠭᠰᠡᠨ ᠢ ᠴᠢ ᠮᠡᠳ᠋ᠡᠨ᠎ᠠ

ᠶᠠᠪᠣᠭᠠᠳ ᠯᠡ ᠪᠠᠢ᠌ᠮᠠᠷ ᠡᠨᠡ ᠵᠠᠮ ᠶᠢᠡᠷ

    ᠢᠯᠭᠣᠮ ᠰᠠᠷᠡᠨ ᠤ ᠬᠡᠷᠡᠯ ᠰᠠᠮᠨᠠᠭᠰᠠᠭᠠᠷ ᠯᠡ ᠪᠠᠢ᠌ᠭ᠎ᠠ ᠶᠢ

        ᠵᠣᠪᠠᠯᠠᠩ ᠵᠢᠷᠭᠠᠯ ᠬᠣᠶᠠᠭᠣᠯᠠ ᠠᠳ᠋ᠠᠯᠢᠬᠠᠨ ᠲᠠᠰᠣᠭᠰᠡᠨ ᠢ ᠪᠢ ᠮᠡᠳ᠋ᠡᠨ᠎ᠠ

ᠡᠷᠴᠢᠯᠡᠬᠦ ᠡᠨᠡ ᠡᠪᠣᠯ ᠤᠨ ᠨᠡᠷᠡᠨ ᠢ ᠲᠠᠯᠠᠯᠣᠵᠦ

    ᠡᠷᠬᠢᠵᠦ ᠠᠭᠣᠯᠵᠠᠬᠣ ᠶᠢᠨ ᠪᠣᠯᠵᠣᠭ᠎ᠠ ᠲᠠᠯᠪᠢᠭᠰᠡᠨ ᠢ

        ᠵᠦ᠋ᠬᠡᠷ ᠯᠡ ᠨᠢᠬᠡ ᠦᠬᠡᠢ᠌ᠯᠡᠬᠡᠳ ᠮᠠᠷᠳ᠋ᠠᠭᠰᠡᠨ ᠢ ᠴᠢ ᠮᠡᠳ᠋ᠡᠨ᠎ᠠ

ᠴᠡᠴᠡᠭ᠌ ᠪᠢᠳ᠋ᠡ ᠬᠣᠶᠠᠷ ᠣᠳ᠋ᠠᠬᠣ ᠦᠭᠡᠶ ᠭᠠᠩᠳ᠋ᠠᠴᠢᠬᠠᠬᠣ ᠶᠢ

    ᠠᠷᠠᠳ ᠤᠨ ᠲᠠᠭᠣᠨ ᠳ᠋ᠥ ᠭᠠᠷᠳ᠋ᠠᠭ ᠷᠦ᠋ᠶ‍ᠢᠮ᠎ᠠ ᠭᠣᠯᠣᠣ ᠲᠡᠢ ᠬᠣᠶᠠᠭᠣᠯᠠ

        ᠠᠶᠠᠯᠠᠭᠣᠯᠵᠦ ᠲᠠᠭᠣᠯᠠᠳ᠋ᠠᠭ ᠢ ᠬᠡᠨ ᠴᠦ ᠮᠡᠳ᠋ᠡᠨ᠎ᠠ᠂ ᠰᠠᠨᠠᠬᠣ ᠶᠤᠮ ᠴᠢᠨᠢ ᠳ᠋ᠠ᠃

ᠡᠩᠭᠡᠷ ᠤᠨ ᠵᠢᠠᠭᠠᠬᠠᠨ ᠲᠣᠪᠴᠢ ᠦᠪᠡᠷᠳ᠋ᠡᠬᠡᠨ ᠮᠣᠯᠳ᠋ᠣᠷᠴᠢᠬᠠᠬᠣ ᠳᠤ

    ᠢᠯᠳ᠋ᠡᠮ ᠲᠣᠷᠡᠯᠡᠯ ᠤᠨ ᠬᠣᠪᠣᠷ ᠡᠳ᠋ᠣᠷ ᠤᠳ ᠲᠡᠢ ᠮᠢᠨᠢ

        ᠴᠢᠮ᠎ᠠ ᠳ᠋ᠥ ᠬᠡᠯᠬᠢᠬᠡᠳ ᠶᠠᠪᠣᠭᠣᠯᠴᠢᠬᠠᠶ᠎ᠠ᠂ ᠬᠠᠢ᠌ᠷ᠎ᠠ ᠶᠤᠮ ᠴᠢᠨᠢ ᠡ᠃


             2021.11.30

ᠵᠤᠬᠢᠶᠠᠭᠴᠢ᠄ ᠣᠷᠠᠨᠰᠠᠨᠠᠭ᠎ᠠ 
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 31711
ᠴᠠᠭ᠄ 2021 ᠤᠨ ᠤ 12 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ 1 ᠠᠯᠳᠠᠭ᠎ᠠ ᠲᠠᠢ
ᠬᠦᠬᠡᠳᠠᠪᠠᠯᠭᠠᠨ 2023-06-11

ᠮᠠᠰᠢ ᠰᠠᠢᠬᠠᠨ ᠰᠢᠯᠦᠭ ᠪᠠᠢᠨ᠎ᠠ