ᠨᠡᠪᠲᠡᠷᠡᠨ ᠤᠷᠤᠬᠤ
ᠰᠡᠳᠭᠢᠯ ᠤᠨ ᠣᠷᠤᠨ ᠵᠠᠢ

ᠭᠦᠢ ᠶᠢᠨ ᠠᠷᠭᠠᠮᠵᠢᠶ᠎ᠠ ᠲᠡᠶ ᠴᠢᠯᠠᠭᠤᠨ ᠡᠴᠡ ᠡᠭᠢᠯᠡᠭ᠍ᠰᠡᠨ ᠽᠠᠮᠪᠣᠳᠢᠪ ᠲᠤ

ᠭᠦᠯ ᠤᠨ ᠳᠤᠭᠤᠰᠤᠨ ᠡᠴᠡ ᠦᠨᠳᠠᠢ᠌ᠵᠤ ᠰᠠᠷᠠᠪᠴᠢᠯᠠᠬᠤ ᠨᠤᠳᠤᠭ ᠭᠡᠵᠤ ᠪᠣᠢ

ᠭᠦᠰᠡᠯ ᠳᠠᠭᠤᠴᠢᠨ ᠡᠯᠡᠭᠦ ᠨᠠᠰᠤ ᠮᠢᠨᠢ ᠡᠴᠦᠰ ᠤᠨ ᠡᠴᠦᠰ ᠲᠡᠭᠡᠨ

ᠭᠦᠷᠦᠰᠤᠨ ᠳᠤᠤᠷ᠎ᠠ ᠴᠢᠨᠢ ᠴᠢᠯᠠᠭᠤ ᠳᠠᠷᠠᠯᠠᠨ ᠭᠡᠪᠳᠡᠭᠦ ᠡᠳᠦᠷ ᠪᠣᠢ

ᠨᠤᠮᠢᠨ ᠴᠡᠩᠭᠡᠷ ᠳᠠᠯᠠᠢ ᠶᠢ ᠨᠡᠯᠦᠭᠡᠷ ᠭᠡᠵᠤ ᠭᠦᠷᠦᠭ᠍ᠰᠡᠨ ᠶᠤᠮ

ᠨᠢᠳᠤ ᠠᠯᠳᠠᠮ᠎ᠠ ᠣᠰᠤ ᠨᠢ ᠭᠦᠯ ᠠᠯᠳᠠᠮ᠎ᠠ ᠣᠢ᠌ᠤᠠᠬᠠᠷ ᠪᠠᠢ᠌ᠪᠠ

᠊᠊᠊᠊᠊᠊᠊᠊᠊᠊᠊᠊᠊᠊ ᠨᠠᠪᠴᠢᠨ ᠵᠠᠪᠢ ᠶᠢᠨ ᠶᠢᠡᠨ ᠠᠯᠠᠭᠠᠨ ᠵᠠᠢ ᠳᠤ ᠨᠠᠷᠠ ᠲᠡᠶ ᠴᠢᠭᠢᠯᠳᠤᠵᠤ ᠰᠠᠠᠳᠤᠷᠪᠠ ᠡ

ᠰᠠᠠᠰᠠᠷ ᠣᠭᠳᠠᠷᠭᠤᠢ ᠶᠢ ᠠᠭᠤᠳᠠᠮ ᠭᠡᠵᠤ ᠰᠠᠯᠭᠢᠨ ᠭᠦᠯᠭᠡ ᠪᠠᠷ ᠶᠠᠪᠣᠭᠰᠠᠨ ᠶᠤᠮ

ᠰᠠᠷᠠ ᠣᠳᠤ ᠨᠢ ᠬᠠᠵᠠᠭᠤᠬᠠᠨ ᠳᠤ ᠴᠤ ᠰᠠᠭᠠᠬᠠᠯᠳᠠ ᠪᠢᠰᠢ ᠶᠢ ᠨᠢ ᠣᠬᠠᠭᠠᠷᠠᠪᠠ

᠊᠊᠊᠊᠊᠊᠊᠊᠊᠊᠊᠊᠊᠊᠊ ᠰᠠᠯᠭᠢᠨ ᠭᠦᠯᠭᠡ ᠶᠢᠨ ᠶᠢᠡᠨ ᠢᠪᠴᠤᠤᠬᠠᠨ ᠠᠮᠢᠰᠬᠤᠭᠠᠨ ᠳᠤ ᠨᠤᠳᠤᠭ ᠶᠢᠡᠨ ᠪᠣᠯᠢᠶᠠᠯᠳᠤᠵᠤ ᠴᠢᠬᠤᠯᠳᠠᠪᠠ ᠡ

ᠵᠢᠷᠭᠢᠷ᠎ᠠ ᠶᠢᠨ ᠵᠢᠭᠦᠷ ᠰᠢᠭ᠌ ᠰᠠᠯᠭᠢ ᠨᠢ ᠭᠦᠷᠳᠡᠯ᠎ᠡ ᠰᠡᠪᠠᠯᠭᠡ ᠥᠨᠦᠰᠦᠭᠡᠳ

ᠵᠢᠷᠦᠭᠡᠨ ᠳᠤ ᠰᠢᠩᠭᠡᠭ᠍ᠰᠡᠨ ᠨᠤᠭᠤᠭᠠᠨ ᠤ ᠦᠨᠦᠷ ᠰᠠᠩ ᠭᠢᠭ᠍ᠰᠡᠨ

ᠵᠡᠭᠦᠨ ᠠᠭᠤᠯᠠ ᠪᠠᠨ ᠳᠠᠪᠠᠭᠠᠤᠨ ᠯᠠ ᠭᠠᠷᠪᠠᠯ ᠪᠣᠰᠤᠳ ᠤᠨ ᠭᠢ ᠪᠠᠢ᠌ᠭᠰᠠᠨ ᠴᠤ

ᠽᠠᠮᠪᠣᠳᠢᠪ ᠤᠨ ᠠᠭᠤᠳᠠᠮ ᠤᠨ ᠠᠭᠤᠳᠠᠮ ᠳᠤ ᠨᠤᠳᠤᠭ ᠮᠢᠨᠢ ᠯᠠ ᠠᠭᠤᠳᠠᠮ ᠡ

ᠵᠤᠬᠢᠶᠠᠭᠴᠢ᠄ ᠭ·ᠮᠥᠩᠭᠡᠳᠡᠯᠭᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2788
ᠴᠠᠭ᠄ 2009 ᠤᠨ ᠤ 03 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ