ᠨᠡᠪᠲᠡᠷᠡᠨ ᠤᠷᠤᠬᠤ
ᠬᠤᠷᠸ᠎ᠠ ᠶᠢᠨ ᠳᠤᠭᠤᠰᠤᠨ ᠳᠤ ᠮᠤᠩᠭ᠋ᠤᠯ ᠨᠠᠷ᠎ᠠ ᠪᠠᠯᠠᠷᠠᠬᠤ ᠥᠭᠡᠢ

ᠮᠤᠩᠭ᠋ᠤᠯ ᠭᠡᠯᠡ


ᠠᠯᠤᠰ ᠵᠠᠭᠤᠨ ᠤ ᠦᠷᠳᠡᠭᠡ ᠳᠠᠮᠵᠢᠵᠤ ᠠᠢ᠌ᠵᠢᠮᠯᠠᠵᠤ ᠢᠷᠡᠭ᠍ᠰᠡᠨ

ᠠᠶᠤᠩᠭ᠋᠎ᠠ ᠴᠠᠭᠢᠯᠭᠠᠨ ᠰᠢᠭ ᠮᠠᠭᠢᠷ ᠢᠯᠳᠤᠨ ᠤ ᠳᠤᠷᠭᠠᠨ ᠢᠷ

ᠠᠴᠤᠭ ᠰᠢᠯᠪᠢ ᠣᠷᠤᠭᠰᠢᠯᠭ᠎ᠠ ᠴᠠᠴᠤᠯᠭ᠎ᠠ ᠢᠯᠭᠠᠭ᠎ᠠ ᠳᠤᠳᠤᠷᠬᠠᠢ

ᠠᠽᠢᠶ᠎ᠠ ᠧᠦᠷᠦᠫᠡ ᠶᠢᠨ ᠳᠡᠦᠭᠡ ᠳᠤᠮᠤᠭᠯᠠᠭᠰᠠᠨ ᠰᠢᠳᠦᠭᠡᠨ ᠭᠡᠯᠡ ᠮᠢᠨᠢ


ᠲᠦᠷᠭᠦ ᠭᠣᠢ᠌ᠳᠠ ᠨᠢᠷᠤᠭᠤ ᠠᠰᠬᠠᠨ ᠰᠠᠨᠠᠭ᠎ᠠ ᠦᠷᠭᠡᠨ

ᠪᠦᠮᠪᠦᠷᠴᠡᠭ᠌ ᠤᠨ ᠳᠤᠭᠤᠰᠤᠨ ᠳᠤ ᠨᠢᠷᠤᠭᠤ ᠭᠡᠳᠡᠭᠡᠷ ᠪᠣᠰᠤᠭ᠎ᠠ ᠰᠦᠷ

ᠳᠦᠷᠢᠮᠵᠢᠯ ᠪᠦᠳᠤᠨ ᠳᠠᠭᠠᠪᠣᠷᠢ ᠪᠦᠷᠢᠨ ᠭᠡᠯᠡᠯᠭᠡ ᠢᠷᠠᠭᠤ

ᠳᠦᠭᠡᠮᠡᠯ ᠡᠯᠪᠠᠭ᠌ ᠶᠢᠡᠨ ᠳᠡᠯᠡᠭᠡᠢ ᠳᠤ ᠭᠠᠢ᠌ᠬᠠᠭᠤᠯᠤᠭᠰᠠᠨ ᠳᠡᠭ᠍ᠷᠢᠯᠢᠭ᠌ ᠣᠬᠠᠭ᠎ᠠ ᠮᠢᠨᠢ


ᠪᠦᠦᠪᠠᠢ ᠶᠢᠨ ᠠᠶ᠎ᠠ ᠴᠤᠭᠤᠷ ᠤᠨ ᠡᠭᠡᠰᠢᠭ᠌ ᠰᠢᠭ᠌ ᠳᠦᠪᠯᠡᠭᠦᠨ ᠴᠢᠭᠡᠴᠢ ᠠᠶᠠᠯᠭᠤ

ᠪᠠᠢ᠌ᠭᠠᠯᠢ ᠪᠦᠳᠤᠨ ᠭᠦᠮᠤᠨ ᠣᠮᠤᠭᠯᠠᠩ ᠠᠮᠢᠵᠢᠷᠠᠯ ᠤᠨ ᠳᠡᠭ᠍ᠵᠢᠭᠦᠨ ᠰᠤᠳᠠᠰᠤ

ᠪᠠᠭᠡᠷᠡᠭ᠍ᠰᠡᠨ ᠭᠦᠮᠤᠨ ᠳᠤ ᠴᠤᠭ ᠳᠤᠯᠠᠭᠠᠯᠠᠬᠤ ᠡᠷᠭᠡ ᠬᠠᠳᠠᠭᠤ ᠵᠤᠷᠢᠭ

ᠪᠠᠭ᠍ᠳᠡᠷᠡᠭ᠍ᠰᠡᠨ ᠭᠦᠮᠤᠨ ᠤ ᠪᠣᠳᠤᠯ ᠰᠠᠷᠠᠭᠤᠯᠵᠢᠭᠤᠯᠬᠤ ᠳᠠᠮᠢᠷ ᠵᠢᠷᠦᠭᠡᠨ ᠤ ᠳᠤᠯᠢ


ᠭᠠᠩ ᠤᠨ ᠭᠦᠷᠦᠰᠤᠨ ᠤ ᠣᠮᠳᠠ ᠳᠠᠢ᠌ᠯᠬᠤ ᠴᠠᠭ ᠤᠨ ᠠᠮᠤᠭᠤᠯᠠᠩ ᠬᠤᠷ᠎ᠠ

ᠭᠠᠵᠠᠷ ᠳᠡᠭ᠍ᠷᠢ ᠶᠢ ᠰᠤᠪᠣᠷᠭᠠᠳᠠᠨ ᠬᠤᠯᠪᠣᠭᠰᠠᠨ ᠡᠶ᠎ᠡ ᠨᠠᠢ᠌ᠷᠠᠮᠳᠠᠯ ᠤᠨ ᠵᠠᠭᠢᠶ᠎ᠠ

ᠭᠠᠴᠢᠭ ᠤᠨ ᠳᠤᠮᠳᠠ ᠠᠮᠢᠯᠠᠯ ᠣᠷᠭᠤᠭᠤᠯᠬᠤ ᠰᠦᠰᠦ ᠮᠦᠰᠤ ᠶᠢᠨ ᠲᠦᠰᠢᠶ᠎ᠠ

ᠭᠠᠯᠪᠠ ᠶᠢᠨ ᠭᠠᠯᠪᠠ ᠮᠥᠩᠭᠡᠷᠡᠵᠤ ᠦᠯᠡᠳᠡᠭᠦ ᠳᠦᠷᠤᠯᠭᠢ ᠮᠤᠩᠭ᠋ᠤᠯ ᠭᠡᠯᠡ ᠮᠢᠨᠢ ᠡ ᠁


ᠮᠤᠩᠭ᠋ᠤᠯ ᠭᠡᠷ


ᠨᠠᠷᠠ ᠪᠠᠨ ᠰᠢᠳᠤᠵᠤ ᠴᠠᠭ ᠶᠢᠡᠨ ᠮᠡᠳᠡᠳᠡᠭ᠌ ᠭᠦᠨ ᠨᠠᠷᠢᠯᠢᠭ ᠣᠬᠠᠭ᠎ᠠ

ᠪᠦᠮᠪᠦᠷᠴᠡᠭ᠌ ᠶᠢᠡᠨ ᠬᠠᠢ᠌ᠷᠠᠯᠠᠵᠤ ᠪᠦᠮᠪᠤᠷᠬᠡᠨ ᠳᠤᠭᠤᠷᠪᠢᠭᠰᠠᠨ ᠪᠢᠯᠢᠭ᠌ ᠰᠤᠳᠤᠨ ᠵᠢᠷᠤᠭ

ᠬᠠᠨ᠎ᠠ ᠶᠢᠨ ᠨᠢᠳᠤ ᠳᠡᠯᠡᠭᠡᠢ ᠬᠠᠷᠠᠭᠰᠠᠨ ᠳᠠᠢ᠌ᠪᠣᠩ ᠠᠮᠤᠭᠤᠯᠠᠩ ᠪᠠᠯᠭᠡᠳᠡᠯ

ᠬᠠᠨ ᠳᠡᠭ᠍ᠷᠢ ᠡᠴᠡ ᠭᠠᠭᠴᠠᠬᠠᠨ ᠰᠤᠶᠤᠷᠬᠠᠭᠰᠠᠨ ᠥᠡᠳᠦᠷᠯᠢᠭ᠌ ᠤᠨ ᠨᠢᠭᠡᠨ ᠪᠠᠭᠤᠴᠠ


ᠳᠦᠷᠪᠠᠨ ᠣᠯᠠᠷᠢᠯ ᠳᠤ ᠳᠡᠩᠴᠡᠭᠦᠷᠢ ᠪᠠᠨ ᠣᠯᠳᠠᠭ ᠣᠶᠤᠨ ᠣᠬᠠᠭᠠᠨ ᠤ ᠣᠴᠢᠭ

ᠨᠡᠭᠦᠭᠦ ᠳᠤ ᠠᠮᠠᠷ ᠪᠠᠭᠤᠬᠤ ᠳᠤ ᠭᠢᠯᠪᠠᠷ ᠠᠮᠢᠳᠤᠷᠠᠯ ᠤᠨ ᠵᠤᠭᠢᠴᠠᠭᠰᠠᠨ ᠰᠤᠶᠤᠯ

ᠦᠨᠦᠴᠢᠨ ᠡᠪᠠᠰᠤ ᠦᠷᠦᠭᠡᠰᠤᠨ ᠮᠤᠳᠤ ᠪᠠᠨ ᠴᠤ ᠦᠷᠡᠭᠦ ᠡᠴᠡ ᠡᠮᠢᠶᠡᠭ᠍ᠰᠡᠨ ᠰᠤᠷᠳᠠᠯ

ᠦᠨᠦ ᠴᠠᠭ ᠭᠦᠭᠡᠭᠡᠵᠤ ᠭᠦᠢᠴᠡᠯ ᠦᠭᠡᠶ ᠦᠨᠢᠳᠠ ᠬᠤᠴᠤᠷᠤᠭᠰᠠᠨ ᠳᠤᠮᠤᠭ ᠪᠢᠯᠢᠤ ⁈


ᠮᠤᠩᠭ᠋ᠤᠯ ᠮᠤᠷᠢ


ᠡᠭᠡ ᠬᠠᠭᠤᠷᠠᠢ ᠶᠢ ᠳᠦᠷᠪᠠᠨ ᠳᠤᠭᠤᠷᠠᠢ ᠪᠠᠷ ᠶᠢᠡᠨ ᠳᠤᠩᠰᠤᠯᠭᠠᠵᠤ ᠠᠭᠰᠠᠨ

ᠠᠷᠪᠠᠨ ᠭᠤᠷᠪᠠᠳᠤᠭᠠᠷ ᠵᠠᠭᠤᠨ ᠤ ᠦᠶ᠎ᠡ ᠶᠢ ᠠᠭᠢᠨ ᠳᠠᠭᠢᠨ ᠵᠡᠭᠦᠳᠦᠯᠡᠨ᠎ᠡ

ᠥᠡᠳᠦᠷᠯᠢᠭ᠌ ᠤᠨ ᠰᠠᠯᠭᠢᠨ ᠳᠤ ᠬᠠᠶᠠ ᠵᠢᠩᠭᠢᠨᠡᠭᠦ ᠮᠠᠨᠠᠭᠠᠨ ᠤ ᠢᠰᠭᠡᠷᠦᠯ ᠵᠠᠩᠭᠢᠷᠴᠤ

ᠦᠳᠡᠰᠢ ᠶᠢᠨ ᠵᠡᠭᠦᠳᠤ ᠠᠮᠳᠠᠳᠤ ᠨᠣᠢ᠌ᠷ ᠢ ᠪᠠᠢ᠌ᠨ ᠳᠠᠭᠢᠨ ᠦᠷᠭᠦᠭᠡᠨ᠎ᠡ


ᠣᠷᠤᠯᠳᠤᠭᠠᠨ ᠤ ᠣᠨᠤᠭᠠᠤᠨ ᠵᠢᠷᠤᠭ ᠭᠡᠮᠡᠷ ᠬᠠᠷ᠎ᠠ ᠬᠤᠷᠳᠤ ᠪᠠᠷ ᠨᠠᠰᠢᠯᠠᠵᠤ

ᠣᠬᠠᠭᠠᠨ ᠤ ᠭᠦᠨ ᠳᠤ ᠴᠠᠭᠢᠯᠤᠨ ᠴᠠᠭᠢᠯᠵᠤ ᠠᠭᠢᠭᠠᠤᠨ ᠪᠣᠴᠠᠨ᠎ᠠ

ᠦᠷᠦᠭᠡᠯ ᠴᠢᠳᠤᠷ ᠠᠷᠭᠠᠮᠵᠢᠶ᠎ᠠ ᠲᠡᠶ ᠮᠤᠷᠢᠳ ᠠᠷᠠᠯ ᠤᠨ ᠴᠠᠭᠠᠨ᠎ᠠ ᠬᠠᠰᠢᠭᠳᠠᠵᠤ

ᠥᠡᠳᠦᠷᠯᠢᠭ᠌ ᠤᠨ ᠳᠡᠭ᠍ᠷᠢ ᠪᠠᠨ ᠨᠢᠯᠪᠣᠰᠤ ᠲᠡᠶ ᠬᠠᠷᠠᠭᠠᠤᠨ ᠣᠶᠠᠷᠠᠯᠳᠠᠢ᠌ᠬᠠᠨ ᠦᠣᠷᠰᠠᠨ᠎ᠠ


ᠳᠡᠮᠡᠭᠡᠨ ᠵᠢᠩ


ᠳᠡᠮᠡᠭᠡᠨ ᠵᠢᠩ ᠤᠨ ᠬᠤᠩᠬᠤᠨ ᠳᠠᠭᠤᠨ ᠰᠠᠯᠭᠢᠨ ᠤ ᠠᠶ᠎ᠠ ᠪᠠᠷ ᠵᠢᠵᠢᠭ᠍ᠷᠡᠵᠤ

ᠰᠡᠳᠭᠢᠯ ᠤᠨ ᠦᠨᠳᠦᠷ ᠲᠤ ᠵᠢᠩᠭᠢᠨᠠᠨ ᠪᠠᠢ᠌ᠵᠤ ᠵᠢᠷᠦᠭᠡᠨ ᠳᠤ ᠭᠦᠴᠢᠯᠯᠢᠭ᠌ ᠳᠤᠰᠤᠯᠠᠨ᠎ᠠ

ᠰᠢᠷᠭᠠᠯ ᠳᠠᠯᠠᠢ ᠶᠢᠨ ᠠᠮᠢᠳᠤ ᠣᠩᠭ᠋ᠤᠴᠠ ᠣᠠᠴᠠ ᠵᠦᠳᠡᠷᠡᠯᠳᠠᠢ ᠠᠶᠠᠯᠠᠵᠤ

ᠲᠦᠨᠡᠷ ᠰᠦᠨᠢ ᠶᠢ ᠳᠠᠰᠤ ᠵᠦᠰᠤᠵᠤ ᠵᠡᠭᠦᠳᠤᠨ ᠳᠤ ᠨᠦᠰᠠᠷ ᠣᠨᠠᠨ᠎ᠠ


ᠠᠶᠠᠨ ᠤ ᠴᠤᠪᠣᠭ᠎ᠠ ᠠᠶᠠᠯᠠᠨ ᠠᠶᠠᠯᠠᠵᠤ ᠠᠢ᠌ᠵᠢᠮ ᠰᠤᠯᠢᠭᠳᠠᠭᠰᠠᠭᠠᠷ

ᠴᠠᠭ ᠤᠨ ᠣᠷᠤᠰᠬᠠᠯ ᠳᠤ ᠳᠠᠭᠤᠭᠳᠠᠨ ᠳᠠᠭᠤᠭᠳᠠᠭᠰᠠᠭᠠᠷ ᠣᠨᠠᠭ᠎ᠠ ᠴᠥᠭᠡᠷᠡᠨ᠎ᠡ

ᠠᠴᠢᠶᠠᠨ ᠤ ᠮᠠᠰᠢᠨ ᠵᠦᠷᠢᠯᠳᠤᠨ ᠵᠦᠷᠢᠯᠳᠤᠵᠤ ᠵᠠᠮ ᠳᠤᠳᠤᠷᠠᠭᠰᠠᠭᠠᠷ

ᠡᠳᠦᠷ ᠤᠨ ᠣᠷᠳᠤ ᠳᠤ ᠶᠠᠪᠤᠨ ᠶᠠᠪᠣᠭᠰᠠᠭᠠᠷ ᠪᠠᠯᠴᠢᠭᠡᠷ ᠪᠠᠭᠠᠰᠤᠨ᠎ᠠ


ᠶᠠᠯ᠎ᠠ ᠭᠢᠯᠢᠠᠴᠠ ᠪᠠᠨ ᠠᠳᠤᠭᠤᠰᠤᠨ ᠳᠤ ᠲᠦᠯᠭᠢᠵᠤ ᠭᠦᠮᠤᠨ ᠪᠠᠶ᠎ᠠ ᠪᠠᠨ ᠵᠥᠪᠳᠡᠭᠡᠵᠤ

ᠠᠰᠢᠭ ᠣᠷᠤᠯᠭ᠎ᠠ ᠡᠳ᠋ ᠭᠡᠭ᠍ᠰᠡᠭᠡᠷ ᠢᠮᠠᠭᠠᠨ ᠤ ᠳᠤᠭ᠎ᠠ ᠣᠯᠠᠰᠢᠷᠠᠨ᠎ᠠ

ᠶᠡᠭᠡ ᠶᠢ ᠰᠠᠨᠠᠵᠤ ᠮᠠᠰᠢᠠᠴᠢᠯᠠᠭᠰᠠᠭᠠᠷ ᠪᠠᠢ᠌ᠵᠤ ᠡᠯᠡᠰᠤᠨ ᠴᠦᠯ ᠶᠢᠡᠨ ᠦᠷᠭᠡᠵᠢᠭᠦᠯᠵᠤ

ᠠᠮᠢ ᠪᠠᠶ᠎ᠠ ᠠᠰᠢᠭ ᠤᠨ ᠳᠠᠢ᠌ᠨ ᠳᠤ ᠳᠡᠮᠡᠭᠡᠨ ᠵᠢᠩ ᠪᠦᠳᠡᠭᠡᠢ᠌ᠷᠡᠨ᠎ᠡ ᠡ ᠁


ᠵᠤᠬᠢᠶᠠᠭᠴᠢ ᠶᠢᠨ ᠬᠠᠶ‍ᠢᠭ᠄ ᠭᠢᠩᠭ᠋ᠠᠨ ᠠᠢ᠌ᠮᠠᠭ ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠭᠦᠡᠳᠡᠯᠡᠨ ᠰᠤᠷᠭᠠᠭᠤᠯᠢ

ᠵᠤᠬᠢᠶᠠᠭᠴᠢ᠄ ᠡ᠊·ᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2635
ᠴᠠᠭ᠄ 2010 ᠤᠨ ᠤ 06 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ