☆ ᠡᠷᠳᠡᠨᠢᠪᠠᠭᠠᠨ᠎ᠠ
ᠬᠠᠪᠢᠷᠭᠠᠨ ᠰᠠᠷᠠᠨ ᠤ ᠳᠤᠷᠠᠰᠤᠮᠵᠢ
ᠨᠢᠰᠤᠩᠬᠠᠢ ᠪᠠᠯᠴᠢᠷ ᠡᠷᠢᠨ ᠳᠤ ᠬᠠᠪᠢᠷᠠᠭᠠᠨ ᠰᠠᠷ᠎ᠠ ᠶᠢᠨ ᠬᠤᠭᠤᠰᠤᠨ ᠭᠡᠰᠡᠭ᠌ ᠢ ᠮᠢᠨᠢ
ᠨᠢᠰᠳᠡᠭ᠌ ᠵᠠᠩᠵᠤᠨ ᠳᠡᠭ᠍ᠷᠢ ᠶᠢᠨ ᠮᠠᠠᠳᠠᠯ ᠡᠴᠠ ᠠᠮᠵᠢᠨ ᠳᠡᠭᠦᠷᠤᠨ ᠣᠯᠵᠠᠷᠬᠠᠴᠢᠬᠠᠯᠠ
ᠣᠷᠠᠨ ᠮᠠᠭᠳᠠᠭᠠᠯ ᠶᠢᠡᠷ ᠰᠤᠷᠬᠤ ᠪᠠᠷ ᠶᠠᠪᠣᠬᠤ ᠳᠤ ᠬᠠᠪᠢᠷᠭᠠᠨ ᠰᠠᠷ᠎ᠠ ᠶᠢᠨ ᠬᠤᠭᠤᠰᠤᠨ ᠭᠡᠰᠡᠭ᠌ ᠢ ᠮᠢᠨᠢ
ᠡᠵᠡᠷᠭᠡᠭ᠌ ᠳᠡᠷᠰᠯᠡᠭᠦᠴᠦᠳ ᠤᠨ ᠬᠤᠮᠤᠬᠠᠢ ᠰᠠᠨᠠᠭᠠᠨ ᠳᠤ ᠪᠦᠳᠡᠭᠢᠷᠡᠭᠡᠳ ᠳᠠᠯᠳᠠᠷᠴᠢᠬᠠᠯᠠ
ᠮᠠᠭᠤ ᠮᠠᠭᠤᠬᠠᠢ ᠳᠤ ᠣᠠᠳᠤᠭᠤᠴᠠᠬᠤ ᠦᠶ᠎ᠡ ᠳᠤ ᠬᠠᠪᠢᠷᠭᠠᠨ ᠰᠠᠷ᠎ᠠ ᠶᠢᠨ ᠬᠤᠭᠤᠰᠤᠨ ᠭᠡᠰᠡᠭ᠌ ᠮᠢᠨᠢ
ᠵᠡᠭᠦᠳᠤᠨ ᠤ ᠨᠢᠳᠤ ᠭᠦᠮᠦᠰᠭᠡ ᠰᠢᠭ᠌ ᠬᠤᠯᠠ ᠶᠢᠨ ᠳᠡᠭ᠍ᠷᠢ ᠳᠤ ᠵᠢᠷᠢ᠌ᠭᠡᠳ ᠭᠢᠯᠣᠢ᠌ᠨ ᠭᠢᠯᠠᠯᠵᠠᠴᠢᠬᠠᠯᠠ
ᠣᠬᠠᠭᠠᠨ ᠤ ᠮᠢᠨᠢ ᠳᠤᠩᠭ᠋ᠠᠯᠠᠭ ᠵᠠᠢ ᠳᠤ ᠬᠤᠭᠤᠰᠤᠨ ᠵᠠᠢ ᠳᠤ ᠬᠠᠪᠢᠷᠭᠠᠨ ᠰᠠᠷᠠᠨ ᠤ ᠬᠤᠭᠤᠰᠤᠨ ᠭᠡᠰᠡᠭ᠌ ᠮᠢᠨᠢ
ᠣᠭ ᠤᠨ ᠯᠠᠭ ᠰᠢᠮᠨᠤ ᠶᠢᠨ ᠳᠤᠮᠤᠭ ᠨᠢ ᠬᠠᠢ᠌ᠯᠤᠭᠠᠤᠨ ᠮᠦᠰᠢᠶᠠᠯ ᠨᠢ ᠭᠡᠢ᠌ᠭᠡᠳ ᠳᠤᠨᠤᠷᠠᠴᠢᠬᠠᠯᠠ
ᠭᠦᠭᠡ ᠳᠡᠭ᠍ᠷᠢ ᠶᠢᠨ ᠣᠯᠵᠤ ᠠᠯᠳᠠᠬᠤ ᠶᠢᠨ ᠳᠡᠩᠨᠡᠭᠦᠷ ᠮᠥᠩᠭᠡ ᠶᠢᠨ ᠡᠷᠳᠡᠨᠢ ᠶᠢᠨ ᠰᠠᠯᠠᠮᠠᠳᠤ ᠵᠠᠪᠢ
ᠵᠢᠭᠤᠯᠴᠢᠯᠠᠯ ᠳᠤ ᠪᠠᠨ ᠬᠠᠶᠠ ᠮᠠᠠᠳᠠᠯ ᠳᠤ ᠵᠠᠩᠳᠤᠭᠰᠠᠭᠠᠷ ᠰᠡᠳᠭᠢᠯ ᠨᠢ ᠣᠶᠠᠷᠠᠨ ᠴᠡᠭᠡᠨ ᠨᠠᠪᠴᠢᠯᠠᠵᠤ ᠰᠡᠷᠪᠠᠯᠴᠢᠭᠡᠯᠡ ᠁
ᠵᠤᠬᠢᠶᠠᠭᠴᠢ ᠶᠢᠨ ᠬᠠᠶᠢᠭ ᠄ ᠭᠢᠩᠭ᠋ᠠᠨ ᠤ ᠳᠤᠮᠳᠠᠳᠤ ᠬᠤᠰᠢᠭᠤ
ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2650
ᠴᠠᠭ᠄ 2012 ᠤᠨ ᠤ 09 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ