ᠨᠡᠪᠲᠡᠷᠡᠨ ᠤᠷᠤᠬᠤ
ᠨᠡᠭᠦᠳᠡᠯ ᠤᠨ ᠰᠢᠪᠠᠭᠤ
(ᠭᠠᠳᠠᠨ᠎ᠠ ᠨᠢᠭᠡ)

ᠨᠠᠮᠤᠷ ᠣᠷᠣᠢ᠌ᠰᠢᠭᠰᠠᠨ ᠴᠤ

ᠨᠠᠷᠠ ᠪᠣᠴᠠᠵᠤ᠂

ᠨᠠᠮᠬᠠᠨ ᠠᠭᠤᠯᠠᠰ ᠤᠨ ᠪᠦᠷᠦᠢ ᠪᠠᠷ

ᠨᠡᠭᠦᠳᠡᠯ ᠤᠨ ᠰᠢᠪᠠᠭᠤᠳ ᠪᠣᠴᠠᠨ᠎ᠠ᠃

ᠭᠠᠵᠠᠷ ᠨᠤᠳᠤᠭ ᠤᠨ ᠶᠢᠡᠨ

ᠨᠣᠢ᠌ᠳᠠᠨ ᠠᠭᠠᠷ ᠢ

ᠭᠠᠯ ᠡᠯᠢᠭᠡ ᠪᠠᠷ ᠶᠢᠡᠨ

ᠬᠠᠭ᠎ᠠ ᠵᠦᠰᠤᠵᠤ᠂

ᠣᠰᠤᠨ ᠤ ᠳᠡᠭᠡᠭᠦᠷ᠂ ᠠᠭᠤᠯᠠᠰ ᠤᠨ ᠣᠷᠤᠢ ᠪᠠᠷ

ᠣᠷᠳᠤ ᠵᠥᠭ᠌ ᠢ ᠪᠠᠷᠢᠨ ᠨᠢᠰᠤᠨ᠎ᠠ᠃


ᠣᠯᠠᠷᠢᠯ ᠤᠨ ᠡᠷᠭᠡ ᠪᠠᠷ

ᠰᠢᠪᠠᠭᠤᠳ ᠪᠣᠴᠠᠵᠤ

ᠠᠮᠢᠳᠤᠷᠠᠯ ᠤᠨ ᠡᠷᠭᠡ ᠪᠠᠷ

ᠭᠦᠮᠤᠨ ᠶᠠᠪᠣᠳᠠᠭ ᠤᠨ ᠬᠣᠢ᠌ᠨ᠎ᠠ ᠁


ᠳᠠᠯᠢ ᠵᠢᠭᠦᠷ ᠶᠢᠡᠷ ᠶᠢᠡᠨ

ᠳᠠᠪᠠᠯᠭᠠᠨ ᠢ ᠰᠦᠷᠴᠤ

ᠳᠠᠰᠤᠭᠰᠠᠨ ᠨᠤᠳᠤᠭ ᠲᠠᠭᠠᠨ

ᠬᠠᠢ᠌ᠷ᠎ᠠ ᠪᠠᠨ ᠬᠤᠴᠤᠷᠭᠠᠵᠤ

ᠭᠦᠭᠡᠷᠡᠨ ᠬᠠᠷᠠᠭᠳᠠᠬᠤ

ᠠᠭᠤᠯᠠᠰ ᠤᠨ ᠣᠷᠤᠢ ᠪᠠᠷ

ᠭᠦᠳᠡᠩᠳᠤᠨ ᠰᠢᠯᠢᠷᠡᠭᠦ

ᠳᠠᠯ᠎ᠠ ᠶᠢᠨ ᠶᠢᠡᠨ ᠳᠡᠭᠡᠭᠦᠷ

ᠡᠷ᠎ᠡ ᠭᠦᠴᠤ ᠪᠠᠨ

ᠰᠢᠪᠬᠠᠨ ᠨᠢᠰᠤᠨ᠎ᠠ᠂

ᠡᠷᠭᠢᠨ ᠡᠷᠭᠢᠨ

ᠨᠢᠯᠪᠣᠰᠤᠷᠠᠵᠤ ᠨᠢᠰᠤᠨ᠎ᠠ ᠁


ᠳᠠᠭᠠᠨ᠎ᠠ ᠶᠢᠨ ᠦᠨᠦᠷ ᠲᠡᠶ ᠨᠤᠳᠤᠭ ᠮᠢᠨᠢ ᠶᠠᠭᠠᠭᠢᠨ᠎ᠠ ︖

ᠳᠠᠨᠠᠨ ᠴᠠᠭᠠᠨ ᠭᠡᠷ ᠮᠢᠨᠢ ᠶᠠᠭᠠᠭᠢᠨ᠎ᠠ ︖

ᠳᠠᠪᠤᠨ ᠬᠤᠰᠢᠭᠤ ᠮᠠᠯ ᠮᠢᠨᠢ ᠶᠠᠭᠠᠭᠢᠨ᠎ᠠ ︖

ᠳᠠᠨᠢᠯᠴᠠᠵᠠᠵᠤ ᠳᠠᠰᠤᠭᠰᠠᠨ ᠨᠥᠭᠦᠦᠳ ᠮᠢᠨᠢ ᠶᠠᠭᠠᠭᠢᠨ᠎ᠠ︖

ᠬᠤᠯᠤᠰᠳᠠᠢ ᠰᠠᠢ᠌ᠬᠠᠨ ᠨᠠᠭᠤᠷ ᠮᠢᠨᠢ ᠶᠠᠭᠠᠭᠢᠨ᠎ᠠ︖

ᠬᠤᠷ ᠳᠠᠯ ᠲᠡᠶ ᠠᠳᠤᠭᠤᠳ ᠮᠢᠨᠢ ᠶᠠᠭᠠᠭᠢᠨ᠎ᠠ︖

ᠬᠤᠳᠠ ᠲᠡᠶ ᠰᠠᠢ᠌ᠬᠠᠨ ᠬᠤᠨᠢᠳ ᠮᠢᠨᠢ ᠶᠠᠭᠠᠭᠢᠨ᠎ᠠ︖

ᠬᠠᠢ᠌ᠷᠠᠳᠠᠢ ᠰᠠᠢ᠌ᠬᠠᠨ ᠨᠥᠭᠦᠤᠨ ᠮᠢᠨᠢ ᠶᠠᠭᠠᠭᠢᠨ᠎ᠠ ᠁


ᠪᠣᠳᠤᠨ ᠪᠣᠳᠤᠨ

ᠣᠶᠠᠷᠠᠭᠰᠠᠭᠠᠷ ᠨᠢᠰᠤᠨ᠎ᠠ

ᠪᠣᠳᠤᠯ ᠳᠠᠭᠠᠨ ᠶᠠᠷᠤᠨᠢ

ᠦᠪᠡᠷᠴᠢᠯᠠᠵᠤ ᠨᠢᠰᠤᠨ᠎ᠠ ᠁


ᠰᠠᠨᠠᠠᠨ᠎ᠠ ᠳ᠋ᠠ


ᠰᠠᠨᠠᠨ᠎ᠠ ᠳ᠋ᠠ ᠴᠢᠮ᠎ᠠ ᠶᠢ᠂

ᠠᠭᠤᠯᠠ ᠠᠷᠤᠯᠠᠭᠰᠠᠨ ᠶᠢᠡᠷ ᠪᠣᠢ᠌ᠳᠠ ᠭᠠᠵᠠᠷ

ᠣᠰᠤ ᠨᠢᠭᠤᠷᠯᠠᠭᠰᠠᠨ ᠶᠢᠡᠷ ᠭᠤᠶᠤ ᠨᠤᠳᠤᠭ

ᠣᠨᠠᠵᠤ ᠰᠢᠷᠣᠢ᠌ᠳᠠᠭᠰᠠᠨ ᠴᠤ ᠪᠢ ᠴᠢᠮ᠎ᠠ ᠶᠢ

ᠣᠬᠠᠭᠠᠨ ᠪᠣᠳᠤᠯ ᠳᠠᠭᠠᠨ ᠮᠥᠩᠭᠡ ᠰᠠᠨᠠᠨ᠎ᠠ᠃


ᠰᠠᠷᠢᠳᠠᠭ ᠦᠨᠳᠦᠷ ᠭᠤᠤᠪᠣᠷ ᠶᠢᠡᠨ ᠰᠠᠨᠠᠨ᠎ᠠ᠂

ᠰᠠᠯᠭᠢ ᠬᠠᠯᠬᠠᠯᠠᠭᠰᠠᠨ ᠬᠤᠩᠭᠢᠯᠳᠤ ᠪᠠᠨ ᠰᠠᠨᠠᠨ᠎ᠠ᠂

ᠰᠠᠢ᠌ᠪᠣᠷ ᠤᠨ ᠰᠠᠢ᠌ᠬᠠᠨ ᠳᠠᠯ᠎ᠠ ᠪᠠᠨ ᠰᠠᠨᠠᠨ᠎ᠠ᠂

ᠰᠠᠢ᠌ᠬᠠᠨ ᠶᠠᠪᠣᠭᠰᠠᠨ ᠨᠥᠭᠦᠤᠨ ᠶᠢᠡᠨ ᠰᠠᠨᠠᠨ᠎ᠠ ᠁


ᠰᠠᠨᠠᠨ᠎ᠠ ᠳ᠋ᠠ ᠴᠢᠮ᠎ᠠ ᠶᠢ

ᠮᠠᠷᠳᠠᠶ᠎ᠠ ᠭᠡᠵᠤ ᠳᠠᠩᠳᠠ ᠰᠠᠨᠠᠨ᠎ᠠ᠂

ᠮᠠᠷᠳᠠᠬᠤ ᠶᠢᠨ ᠠᠷᠭ᠎ᠠ ᠦᠭᠡᠶ ᠦᠨᠡᠨ ᠰᠠᠨᠠᠨ᠎ᠠ᠃

ᠡᠩᠭᠡᠷ ᠳᠡᠪᠳᠦᠭᠡᠭ᠍ᠰᠡᠨ ᠭᠠᠵᠠᠷ ᠴᠢᠮ᠎ᠠ ᠶᠢ

ᠡᠯᠢᠭᠡ ᠰᠢᠮᠰᠢᠷᠠᠳᠠᠯ᠎ᠠ ᠭᠡᠵᠢᠶᠡᠳᠡ ᠰᠠᠨᠠᠨ᠎ᠠ ︕


ᠰᠠᠨᠠᠨ᠎ᠠ ᠳ᠋ᠠ ᠴᠢᠮ᠎ᠠ ᠶᠢ

ᠦᠨᠡᠨ ᠰᠠᠨᠠᠨ᠎ᠠ᠂ ᠥᠭᠦᠨ ᠰᠠᠨᠠᠨ᠎ᠠ᠃


ᠵᠤᠬᠢᠶᠠᠭᠴᠢ ᠶᠢᠨ ᠬᠠᠶ‍ᠢᠭ ᠄ ᠵᠠᠷᠤᠳ ᠬᠤᠰᠢᠭᠤ ᠭᠠᠬᠠᠢ᠌ᠳᠤ ᠰᠤᠷᠭᠠᠭᠤᠯᠢ

ᠵᠤᠬᠢᠶᠠᠭᠴᠢ᠄ ᠶ‍ᠢᠨ ᠯᠦᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2636
ᠴᠠᠭ᠄ 2009 ᠤᠨ ᠤ 12 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ