ᠨᠡᠪᠲᠡᠷᠡᠨ ᠤᠷᠤᠬᠤ
ᠬᠤᠯᠠ ᠳᠦᠷᠭᠦᠮ ᠲᠡᠶ ᠪᠦᠰᠡᠭᠦᠢ

ᠬᠠᠪᠣᠷ ᠤᠨ ᠰᠤᠶᠤᠭ᠎ᠠ ᠪᠣᠯᠳᠠᠢ᠌ᠬᠤ ᠳ᠋ᠤ

ᠬᠤᠯᠠ ᠳᠦᠷᠭᠦᠮ ᠲᠡᠶ ᠪᠦᠰᠡᠭᠦᠢ ᠳ᠋ᠤ

ᠬᠤᠩᠭ᠋ᠤᠷ ᠡᠵᠢ ᠨᠢ ᠰᠠᠨᠠᠭᠳᠠᠨ᠎ᠠ᠃

ᠲᠦᠯ ᠤᠨ ᠳᠠᠭᠤ ᠪᠠᠷ ᠬᠤᠳᠠ ᠶᠢ ᠪᠠᠶᠠᠰᠬᠠᠭᠰᠠᠨ

ᠮᠠᠯᠴᠢᠨ ᠠᠢ᠌ᠯ ᠳ᠋ᠤ

ᠦᠷ᠎ᠡ ᠶᠢᠨ ᠳᠠᠭᠤᠤ ᠪᠠᠷ ᠰᠡᠳᠭᠢᠯ ᠢ ᠪᠠᠶᠠᠰᠬᠠᠨ᠎ᠠ

ᠬᠤᠯᠠ ᠳᠦᠷᠭᠦᠮ ᠲᠡᠶ ᠪᠦᠰᠡᠭᠦᠢ᠃

ᠭᠡᠨ ᠤ ᠪᠠᠨ ᠲᠦᠯᠦᠭᠡ ᠭᠡᠵᠤ

ᠭᠦᠭᠦᠭᠡ ᠭᠦᠷᠤᠰᠢᠭᠦᠢ ᠭᠠᠵᠠᠷ ᠡᠴᠠ

ᠬᠤᠯᠠ ᠳᠦᠷᠭᠦᠮ ᠲᠡᠶ ᠪᠦᠰᠡᠭᠦᠢ ᠢᠷᠡᠭ᠍ᠰᠡᠨ ᠪᠣᠯ︖

ᠭᠡᠡᠵᠡ ᠳᠦᠷᠦᠭ᠍ᠰᠡᠨ ᠢᠰᠢᠭᠡ ᠵᠢ

ᠬᠤᠷᠮᠤᠢ ᠳᠡᠭᠡᠨ ᠴᠤᠭᠯᠠᠨ ᠠᠰᠠᠷᠠᠨ᠎ᠠ᠃

ᠪᠦᠰᠡᠭᠦᠢ ᠭᠦᠮᠤᠨ ᠤ ᠰᠡᠳᠭᠢᠯ ᠭᠡᠵᠤ

ᠪᠣᠳᠤᠭᠤ ᠶᠢ ᠭᠦᠷᠳᠡᠯ᠎ᠡ ᠡᠨᠡᠷᠢᠨ᠎ᠡ

ᠳᠤᠷᠮᠤᠭᠤᠷ ᠪᠢᠴᠢᠬᠠᠨ ᠦᠷ᠎ᠡ ᠪᠠᠷ ᠵᠢᠠᠨ

ᠳᠤᠭᠤᠨᠤ ᠲᠡᠶ ᠭᠡᠷ ᠢ ᠪᠠᠨ ᠳᠦᠷᠭᠡᠭᠦᠯᠡᠨ᠎ᠡ᠃

ᠡᠵᠢ ᠶᠢᠨ ᠶᠢᠡᠨ ᠬᠠᠵᠠᠭᠤ ᠳᠤ ᠪᠠᠢ᠌ᠬᠤ ᠳ᠋ᠠᠭᠠᠨ

ᠡᠷᠭᠡ ᠪᠣᠷᠤ ᠭᠡᠦᠭᠡᠨ

ᠡᠷ᠎ᠡ ᠨᠥᠭᠦᠷ ᠲᠡᠶ ᠪᠠᠨ ᠰᠠᠭᠤᠬᠤ ᠳ᠋ᠠᠭᠠᠨ

ᠡᠶᠡᠯᠳᠡᠭ᠌ ᠴᠢᠩᠭ᠎ᠠ ᠡᠵᠢ᠃

ᠬᠤᠯᠠ ᠶᠢᠨ ᠬᠤᠯᠠ ᠨᠤᠳᠤᠭ ᠳᠤ

ᠦᠷ᠎ᠡ ᠶᠢᠨ ᠳᠠᠭᠤ ᠶᠢ ᠰᠤᠨᠤᠰᠬᠠᠬᠤ ᠪᠠᠷ

ᠬᠤᠩᠭ᠋ᠤᠷ ᠡᠵᠢ ᠶᠢᠨ ᠰᠠᠨᠠᠭ᠎ᠠ ᠵᠢ

ᠬᠤᠷᠸ᠎ᠠ ᠶᠢᠨ ᠥᠡᠴᠦᠭ᠌ ᠭᠦᠷᠳᠡᠯ᠎ᠡ ᠡᠷᠭᠦᠭᠦ ᠪᠠᠷ

ᠬᠤᠯᠠ ᠳᠦᠷᠭᠦᠮ ᠲᠡᠶ ᠪᠦᠰᠡᠭᠦᠢ

ᠬᠠᠢ᠌ᠷ᠎ᠠ ᠶᠢᠨ ᠲᠦᠯᠦᠭᠡ ᠢᠷᠡᠭ᠍ᠰᠡᠨ᠃

ᠬᠠᠷ᠎ᠠ ᠭᠦᠮᠤᠨ ᠢ ᠪᠠᠨ ᠲᠦᠰᠢᠪᠠᠯ

ᠬᠠᠭᠠᠨ ᠠᠭᠤᠯᠠ ᠴᠤ ᠮᠠᠱᠳᠠᠭᠬᠠᠨ

ᠬᠤᠩᠭ᠋ᠤᠷ ᠦᠷ᠎ᠡ ᠶᠢ ᠪᠠᠨ ᠳᠠᠪᠠᠷᠢᠪᠠᠯ

ᠬᠤᠯᠠ ᠤᠨ ᠳᠦᠷᠭᠦᠮ ᠴᠤ ᠤᠢ᠌ᠷᠠᠬᠠᠨ

ᠬᠤᠯᠠ ᠳᠦᠷᠭᠦᠮ ᠲᠡᠶ ᠪᠦᠰᠡᠭᠦᠢ

ᠬᠠᠯᠠᠭᠤᠨ ᠰᠡᠳᠭᠢᠯ ᠲᠡᠶ ᠪᠦᠰᠡᠭᠦᠢ

ᠬᠤᠯᠠ ᠶᠢᠨ ᠬᠤᠯᠠ ᠨᠤᠳᠤᠭ ᠳᠤ

ᠬᠠᠢ᠌ᠷ᠎ᠠ ᠶᠢᠨ ᠳᠠᠭᠤᠤ ᠲᠡᠶ ᠪᠦᠰᠡᠭᠦᠢ᠃


ᠵᠤᠬᠢᠶᠠᠭᠴᠢ ᠶᠢᠨ ᠬᠠ‍‌ᠶᠢᠭ ᠄ ᠰᠢᠠᠵᠢᠶ‍ᠠᠩ ᠢᠯᠢ ᠴᠢᠩᠭᠢᠰ ᠴᠠᠭᠠᠨ ᠣᠰᠤ

ᠵᠤᠬᠢᠶᠠᠭᠴᠢ᠄ ᠥᠭᠡᠯᠡᠳ ᠪᠢᠮᠪᠠ ᠶᠢᠨ ᠪᠠᠶᠠᠠᠳᠤᠬᠤᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2636
ᠴᠠᠭ᠄ 2010 ᠤᠨ ᠤ 12 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ