☆ ᠯ·ᠣᠳᠤᠨ
ᠰᠤᠨᠢᠷᠬᠠᠯ ᠭᠦᠡᠳᠡᠭ᠍ᠰᠡᠨ ᠭᠤᠷᠪᠠᠨ ᠰᠢᠯᠦᠭ᠌
᠊᠊᠊᠊᠊᠊᠊᠊᠊᠊᠊᠊᠊᠊᠊ 《ᠦᠣᠷ ᠤᠨ ᠴᠤᠯᠮᠤᠨ》 ᠰᠡᠳᠭᠦᠯ ᠢ ᠰᠤᠨᠢᠷᠬᠠᠭᠰᠠᠨ ᠣᠯᠵᠠ
ᠰᠢᠠᠵᠢᠶᠠᠩ ᠤᠨ ᠣᠷᠠᠨ ᠵᠤᠬᠢᠶᠠᠯ ᠤᠨ ᠬᠤᠤᠰ ᠰᠠᠷ᠎ᠠ ᠶᠢᠨ ᠰᠡᠳᠭᠦᠯ 《ᠦᠣᠷ ᠤᠨ ᠴᠤᠯᠮᠤᠨ》 ᠊ᠤ 2013 ᠣᠨ ᠤ ᠭᠤᠷᠪᠠᠳᠤᠭᠠᠷ ᠬᠤᠭᠤᠴᠠᠭᠠᠨ ᠳᠡᠭᠡᠷ᠎ᠡ ᠨᠡᠢ᠌ᠳᠡᠯᠡᠭ᠍ᠳᠡᠭ᠍ᠰᠡᠨ ᠦ᠊·ᠨᠢᠮᠠᠴᠠᠷᠠᠨ ᠤ 《ᠴᠢᠮᠢ᠋ᠢ ᠪᠢ ᠵᠢᠷᠦᠭᠡᠨ ᠳᠡᠭᠡᠨ ᠨᠢᠭᠤᠭᠰᠠᠨ》᠂ ᠺᠠ᠊·ᠴᠠᠷᠠᠠᠳᠤᠷᠵᠢ ᠶᠢᠨ《ᠮᠢᠨᠤ ᠳᠤᠷᠭᠤᠳ ᠨᠤᠳᠤᠭ》᠂ ᠭᠣ᠊·ᠣᠶᠤᠳᠤ ᠶᠢᠨ 《ᠦᠬᠢᠨ ᠵᠠᠶᠠᠭᠠᠨ ᠤ ᠳᠤᠤᠯᠢ》 ᠭᠡᠮᠡᠭᠦ ᠭᠤᠷᠪᠠᠨ ᠰᠢᠯᠦᠭ᠌ ᠤᠨ ᠳᠤᠬᠠᠢ ᠰᠡᠳᠭᠢᠯ ᠤᠨ ᠣᠯᠵᠠ ᠪᠠᠨ ᠡ᠊ᠨᠳᠡ ᠬᠤᠪᠢᠶᠠᠯᠴᠢᠮᠠᠷ ᠰᠠᠨᠠᠭᠳᠠᠯ᠎ᠠ᠃ ᠤᠶᠠᠩᠭ᠎ᠠ᠂ ᠰᠡᠳᠬᠢᠯᠭᠡ᠂ ᠰᠠᠳᠭᠢᠮᠵᠢ ᠶᠢᠨ ᠣᠷ᠎ᠠ ᠳᠠᠮᠢᠷ ᠶᠢᠡᠷ ᠶᠢᠡᠨ ᠳᠠᠩᠴᠠᠯᠳᠤᠨ ᠨᠡᠢ᠌ᠳᠭᠡᠭ᠍ᠳᠡᠭ᠍ᠰᠡᠨ ᠰᠠᠢ᠌ᠨ ᠰᠢᠯᠦᠭ᠌ ᠣᠩᠰᠢᠭᠴᠢᠳ ᠲᠤ ᠣᠶᠤᠨ ᠤ ᠦᠯ ᠭᠦᠷᠳᠡᠭᠡᠯ ᠪᠣᠯᠬᠤ ᠪᠠᠷ ᠵᠤᠭᠰᠤᠬᠤ ᠦᠭᠡᠶ ᠰᠡᠳᠭᠦᠯ ᠤᠨ ᠶᠢᠡᠨ ᠨᠢᠭᠤᠷ ᠬᠠᠭᠤᠳᠠᠰᠤ ᠶᠢ ᠴᠤ ᠴᠢᠮᠠᠨ ᠳᠦᠭᠦᠷᠭᠡᠳᠡᠭ᠌ ᠣᠴᠢᠷᠳᠠᠢ᠃ ᠰᠢᠯᠦᠭ᠌ ᠭᠡᠭ᠍ᠴᠢ ᠰᠡᠳᠭᠢᠯ ᠣᠶᠤᠨ ᠡᠴᠡ ᠳᠡᠯᠭᠡᠷᠡᠳᠡᠭ᠌ ᠤᠶᠠᠩᠭ᠎ᠠ ᠶᠢᠨ ᠰᠠᠷᠭᠠᠢ᠂ ᠰᠠᠷᠠᠯ ᠪᠣᠳᠤᠯ ᠡᠴᠡ ᠠᠰᠬᠠᠷᠠᠳᠠᠭ ᠨᠠᠢ᠌ᠷᠠᠭ ᠤᠨ ᠭᠡᠯᠳᠡᠰ ︕ ᠳᠡᠭᠡᠷᠡᠭᠢ ᠭᠤᠷᠪᠠᠨ ᠰᠢᠯᠦᠭ᠌ ᠲᠤ ᠳᠤᠷᠠᠯᠠᠯ ᠬᠠᠢ᠌ᠷ᠎ᠠ ᠶᠢᠨ ᠨᠢᠭᠤᠴᠠᠭᠠᠢ ᠴᠠᠪᠠᠷ ᠰᠢᠪᠠᠨᠠᠯ᠂ ᠵᠢᠷᠦᠭᠡᠨ ᠤ ᠨᠠᠮ ᠬᠠᠰᠭᠢᠷᠤᠯ᠂ ᠨᠡᠭᠦᠳᠡᠯᠴᠢᠨ ᠦᠨᠳᠦᠰᠦᠳᠠᠨ ᠤ ᠨᠤᠳᠤᠭᠰᠢᠭ ᠴᠠᠢ᠌ᠯᠭᠠᠨ ᠬᠠᠢ᠌ᠷ᠎ᠠ᠂ ᠰᠤᠶᠤᠯ ᠠᠷᠠᠠᠰᠢᠨ ᠤ ᠢᠯᠠ ᠣᠴᠢᠷᠯᠠᠯ ᠡᠵᠡᠨ ᠪᠠᠬᠠᠳᠤᠯ ᠭᠢᠭᠡᠳ ᠭᠡᠦᠭᠡᠨ ᠵᠠᠶᠠᠭᠠᠨ ᠤ ᠭᠡᠭᠡᠨ ᠪᠣᠳᠤᠯ ᠪᠣᠷᠤᠭᠵᠢᠭᠤᠨ ᠭᠦᠰᠡᠯ ᠵᠢᠴᠢ ᠥᠭᠡᠳᠡᠷᠭᠡᠭ᠌ ᠰᠠᠨᠠᠭ᠎ᠠ ᠰᠢᠯᠦᠭ᠌ ᠤᠨ ᠴᠢᠮᠦᠭᠡᠨ ᠳᠤ ᠣᠷᠤᠳᠠᠯ᠎ᠠ ᠨᠠᠪᠴᠢᠵᠤ᠂ ᠣᠩᠰᠢᠭᠴᠢᠳ ᠤᠨ ᠰᠡᠳᠭᠢᠯ ᠤᠨ ᠶᠤᠩᠬᠤᠷ ᠡᠴᠡ ᠨᠢᠰᠠᠯᠵᠤ ᠪᠠᠢ᠌ᠨ᠎ᠠ᠃
ᠦ᠊·ᠨᠢᠮᠠᠴᠠᠷᠠᠨ ᠤ 《ᠴᠢᠮᠢ᠋ᠢ ᠪᠢ ᠵᠢᠷᠦᠭᠡᠨ ᠳᠡᠭᠡᠨ ᠨᠢᠭᠤᠭᠰᠠᠨ》 ᠭᠡᠮᠡᠭᠦ ᠰᠢᠯᠦᠭ᠌ ᠣᠷᠠᠨ ᠭᠡᠭᠡᠮᠰᠦᠭ᠌ ᠬᠤᠯᠪᠤᠨ ᠪᠣᠳᠤᠯᠳᠠ᠂ ᠰᠢᠯᠦᠭ᠌ ᠲᠤ ᠨᠢ ᠨᠢᠭᠤᠭᠳᠠᠭ᠎ᠠ ᠰᠡᠳᠭᠢᠯ ᠤᠨ ᠨᠠᠷᠢᠨ ᠮᠠᠳᠠᠷᠠᠮᠵᠢ᠂ ᠰᠤᠶᠤᠯ ᠰᠡᠳᠭᠢᠭᠦᠢ ᠶᠢᠨ ᠴᠤᠯᠤ ᠪᠠᠢ᠌ᠭᠠᠯᠢᠯᠢᠭ ᠰᠢᠠᠵᠢ ᠪᠠᠷ ᠶᠢᠡᠨ ᠣᠩᠰᠢᠭᠴᠢᠳ ᠤᠨ ᠣᠷᠮᠠᠨ ᠳᠤ ᠭᠦᠷᠭᠦ ᠨᠢ ᠯᠠᠪᠳᠠᠢ᠃ ᠬᠠᠢ᠌ᠷᠠᠯᠠᠵᠤ ᠳᠤᠷᠠᠯᠠᠭᠰᠠᠨ ᠭᠡᠦᠭᠡᠨ ᠶᠢᠡᠨ ᠬᠠᠯᠠᠭᠤᠨ ᠡᠯᠢᠭᠡᠨ ᠳᠤ ᠪᠠᠨ ᠳᠡᠪᠠᠷᠢᠭᠡᠳ ᠯᠠ ᠵᠤᠭᠰᠤᠬᠤ ᠪᠢᠰᠢ ᠬᠠᠷᠢᠨ ᠬᠠᠢ᠌ᠷᠠᠳᠠᠢ ᠵᠢᠷᠦᠭᠡᠨ ᠳᠤ ᠪᠠᠨ ᠨᠢᠭᠤᠵᠤ ᠴᠢᠳᠠᠪᠠᠯ ᠰᠠᠶᠢ ᠦᠨᠡᠨ ᠬᠠᠢ᠌ᠷ᠎ᠠ᠂ ᠦᠨᠢᠳᠠ ᠶᠢᠨ ᠬᠤᠯᠪᠣᠭ᠎ᠠ ᠭᠡᠭ᠍ᠴᠢ ᠳᠠᠷᠠ᠃ ᠳᠤᠰ ᠰᠢᠯᠦᠭ᠌ ᠲᠤ 《ᠶᠤᠩᠬᠤᠷ ᠳᠤᠷᠭᠠᠨ ᠣᠳᠠᠰᠤᠨ ᠤ ᠵᠠᠩᠭᠢᠶᠠᠰᠤᠨ ᠳᠤ ᠪᠢ ᠨᠢᠭᠤᠭᠰᠠᠨ》᠂ 《ᠭᠡᠨ ᠴᠤ ᠣᠷᠤᠵᠤ ᠴᠢᠳᠠᠬᠤ ᠦᠭᠡᠶ ᠵᠢᠷᠦᠭᠡᠨ ᠳᠡᠭᠡᠨ ᠴᠢᠮᠢ᠋ᠢ ᠨᠢᠭᠤᠭᠰᠠᠨ》᠂ 《ᠭᠡᠭᠡᠷ᠎ᠡ ᠶᠢᠨ ᠴᠡᠴᠡᠭ᠌ ᠤᠨ ᠭᠡᠯᠳᠡᠰ ᠲᠤ ᠦᠨᠦᠷ ᠢ ᠴᠢᠨᠢ ᠪᠢ ᠨᠢᠭᠤᠭᠰᠠᠨ》᠂ 《ᠠᠯᠢᠮ᠎ᠠ ᠰᠢᠭ ᠪᠣᠠᠳᠤᠭᠤᠷ ᠬᠠᠴᠠᠷ ᠢ ᠴᠢᠨᠢ ᠣᠷᠤᠭᠤᠯ ᠳᠠᠭᠠᠨ ᠪᠢ ᠨᠢᠭᠤᠭᠰᠠᠨ》᠂ 《ᠰᠠᠯᠭᠢᠨ ᠳᠤ ᠭᠡᠢ᠌ᠰᠦᠭ᠍ᠰᠡᠨ ᠦᠰᠤ ᠶᠢ ᠴᠢᠨᠢ ᠵᠡᠷᠭᠡᠯᠭᠡᠨ ᠳᠤ ᠪᠢ ᠨᠢᠭᠤᠭᠰᠠᠨ》᠂ 《ᠡᠪᠦᠯ ᠤᠨ ᠵᠤᠵᠠᠭᠠᠨ ᠴᠠᠰᠤᠨ ᠳᠤᠤᠷ᠎ᠠ ᠠᠮᠢᠯᠠᠭᠤᠯᠵᠤ ᠪᠢ ᠨᠢᠭᠤᠭᠰᠠᠨ》᠂ 《ᠬᠤᠤᠰ ᠲᠡᠶ ᠠᠯᠠᠭ ᠬᠠᠷᠠᠴᠠ ᠶᠢ ᠴᠢᠨᠢ ᠰᠤᠷᠮᠤᠰᠤᠨ ᠳᠠᠭᠠᠨ ᠪᠢ ᠨᠢᠭᠤᠭᠰᠠᠨ》᠂ 《ᠨᠠᠷᠢᠬᠠᠨ ᠴᠠᠭᠠᠨ ᠬᠤᠷᠤᠭᠤ ᠶᠢ ᠴᠢᠨᠢ ᠠᠯᠠᠭᠠᠨ ᠳᠠᠭᠠᠨ ᠪᠢ ᠨᠢᠭᠤᠭᠰᠠᠨ》 ᠭᠡᠮᠡᠭᠦ ᠰᠤᠩᠭ᠋ᠤᠳᠠᠭ ᠮᠦᠷ ᠤᠳ ᠪᠣᠢ᠃ ᠠᠮᠢᠳᠤᠷᠠᠯ ᠳᠤ ᠠᠮᠠᠷᠠᠭ ᠬᠤᠩᠭ᠋ᠤᠷ ᠭᠡᠦᠭᠡᠨ ᠤ ᠪᠠᠨ ᠠᠯᠢᠮᠠᠨ ᠪᠣᠠᠳᠤᠭᠤᠷ ᠬᠠᠴᠠᠷ ᠡᠴᠡ ᠦᠨᠦᠰᠤᠨ ᠰᠢᠮᠡᠭᠦ ᠳᠤᠷᠠᠳᠠᠢ ᠵᠠᠯᠠᠭᠤ ᠠᠷᠪᠢᠨ ᠴᠤ ᠠᠮᠳᠠ ᠶᠢ ᠨᠢ ᠠᠷᠢᠭᠤᠨ ᠵᠢᠷᠦᠭᠡ ᠪᠠᠷ ᠶᠢᠡᠨ ᠮᠠᠳᠠᠷᠠᠵᠤ᠂ ᠠᠮᠠ ᠣᠷᠤᠭᠤᠯ ᠳᠤ ᠪᠠᠨ ᠰᠢᠩᠭᠡᠳᠡᠯ᠎ᠡ ᠨᠢᠭᠤᠵᠤ ᠴᠢᠳᠠᠬᠤ ᠭᠦᠮᠤᠨ ᠬᠤᠪᠣᠷ ᠪᠠᠢ᠌ᠬ᠎ᠠ ᠳ᠋ᠠ᠃ ᠭᠡᠳᠡᠯ᠎ᠡ ᠰᠢᠯᠦᠭ᠍ᠴᠢ ᠳᠤ ᠡᠢ᠌ᠮᠤ ᠡᠷᠳᠡᠮ ᠪᠠᠯᠠᠨ ᠪᠠᠢ᠌ᠨ᠎ᠠ᠃ ᠨᠢᠭᠤᠵᠤ ᠴᠢᠳᠠᠳᠠᠭ ᠦᠭᠡᠶ ᠳᠤᠷᠠᠯᠠᠯ ᠬᠠᠢ᠌ᠷ᠎ᠠ ᠪᠠᠨ ᠨᠢᠭᠤᠵᠤ ᠴᠢᠳᠠᠭᠰᠠᠨ ᠳᠤ ᠪᠠᠢ᠌ᠨ᠎ᠠ᠃ ᠨᠢᠭᠤᠬᠤ ᠨᠢᠭᠤᠬᠤ ᠳᠤ ᠪᠠᠨ ᠭᠡᠨ ᠴᠤ ᠣᠷᠤᠵᠤ ᠪᠣᠯᠬᠤ ᠦᠭᠡᠶ᠂ ᠭᠡᠵᠢᠶ᠎ᠡ ᠴᠤ ᠬᠤᠯᠠᠭᠠᠢ᠌ᠯᠠᠵᠤ ᠴᠢᠳᠠᠬᠤ ᠦᠭᠡᠶ ᠵᠢᠷᠦᠭᠡᠨ ᠤ ᠭᠦᠨ ᠳᠤ ᠪᠠᠨ ᠨᠢᠭᠤᠵᠤ ᠴᠢᠳᠠᠭᠰᠠᠨ ᠳᠤ ᠪᠠᠢ᠌ᠨ᠎ᠠ᠃ ᠣᠷᠤᠨ ᠵᠠᠢ᠂ ᠴᠠᠭ ᠬᠤᠭᠤᠴᠠᠭ᠎ᠠ ᠳᠤ ᠭᠦᠯᠢᠶᠡᠰᠦᠯᠡᠭ᠍ᠳᠡᠭ᠍ᠰᠡᠨ ᠦᠭᠡᠶ ᠬᠠᠢ᠌ᠷ᠎ᠠ ᠶᠢᠨ ᠠᠯᠳᠠᠨ ᠥᠭᠡᠰ ᠡ᠊ᠨᠳᠡ ᠶᠠᠮᠠᠷᠴᠤ ᠬᠤᠷᠢᠭ᠎ᠠ ᠴᠡᠭᠡᠷ ᠦᠭᠡᠶ ᠪᠠᠷ ᠪᠢᠯᠢᠭ᠌ ᠤᠨ ᠬᠠᠭᠤᠳᠠᠰᠤᠨ ᠳᠡᠭᠡᠭᠦᠷ ᠠᠰᠬᠠᠷᠠᠨ ᠪᠦᠮᠪᠦᠷᠢᠵᠡᠢ᠃ ᠣᠶᠤᠨ ᠤ ᠭᠠᠯ ᠳᠤ ᠰᠢᠷᠭᠠᠭᠠᠵᠤ᠂ ᠪᠢᠯᠢᠭ᠌ ᠤᠨ ᠭᠡ ᠳᠠᠭᠠᠷᠠᠭᠤᠯᠤᠭᠰᠠᠨ ᠰᠢᠯᠦᠭ᠌ ᠤᠨ ᠨᠢᠳᠤ ᠭᠡᠭ᠍ᠴᠢ ᠡᠨᠡ ︕ ᠬᠠᠷ᠎ᠠ ᠣᠬᠠᠭᠠᠨ ᠶᠢᠡᠷ ᠪᠣᠳᠤᠬᠤ ᠳᠤ ᠳᠤᠷᠠᠯᠠᠵᠤ ᠰᠠᠨᠠᠭᠰᠠᠨ ᠭᠡᠦᠭᠡᠨ ᠤ ᠪᠠᠨ ᠭᠠᠷ ᠡᠴᠡ ᠠᠳᠬᠤᠵᠤ ᠪᠠᠷᠢᠵᠤ ᠪᠣᠯᠤᠨ᠎ᠠ᠃ ᠬᠠᠷᠢᠨ ᠨᠢᠭᠤᠵᠤ ᠴᠢᠳᠠᠬᠤ ᠡᠷᠳᠡᠮ ᠭᠡᠨ ᠳᠤ ᠪᠠᠢ᠌ᠨ᠎ᠠ ︖ ᠮᠢᠬᠠᠨ ᠪᠠᠶ᠎ᠠ ᠶᠢᠨ ᠡᠰ ᠪᠦᠭᠦᠨ ᠳᠤ ᠰᠢᠩᠭᠡᠨ ᠠᠭᠤᠰᠴᠤ ᠢᠳᠡᠭᠡᠯ ᠭᠦᠰᠡᠯ᠂ ᠵᠡᠭᠦᠳᠤ ᠰᠦᠨᠠᠰᠤᠨ ᠳᠤ ᠣᠷᠤᠳᠠᠯ᠎ᠠ ᠬᠠᠳᠠᠭᠠᠯᠠᠭᠳᠠᠨ ᠨᠢᠭᠤᠭᠳᠠᠭᠰᠠᠨ ᠦᠨᠡᠨ ᠬᠠᠢ᠌ᠷ᠎ᠠ ᠡᠢ᠌ᠮᠤ ᠪᠠᠢ᠌ᠬᠤ ᠳᠤ ᠪᠠᠨ ᠳᠠᠭᠠᠷᠠᠨ᠎ᠠ᠃ ᠳᠡᠭᠡᠭᠡᠳ ᠦᠨᠡᠠᠴᠢ ᠬᠠᠢ᠌ᠷ᠎ᠠ᠂ ᠳᠡᠪᠠᠷᠡᠩᠭᠦᠢ ᠰᠡᠳᠭᠢᠯ᠂ ᠳᠡᠭ᠍ᠵᠢᠨ ᠰᠠᠨᠠᠭ᠎ᠠ ᠪᠠᠷ ᠰᠢᠯᠦᠭ᠌ ᠤᠨ ᠮᠦᠷ ᠪᠠᠳᠠᠭ ᠶᠢᠡᠨ ᠴᠡᠨᠡᠭᠯᠡᠵᠤ ᠴᠢᠳᠠᠭᠰᠠᠨ ᠨᠢ ᠪᠠᠬᠠᠷᠬᠠᠯᠳᠠᠢ ︕
ᠨᠥᠭᠦᠷᠰᠡᠭ᠌ ᠵᠦᠪᠯᠠᠮᠵᠢ᠄ ᠳᠤᠰ ᠰᠢᠯᠦᠭ᠌ 2013 ᠣᠨ ᠤ 3 ᠰᠠᠷ᠎ᠠ ᠶᠢᠨ 21 ᠊ᠤ ᠡᠳᠦᠷ ᠳᠡᠯᠡᠭᠡᠢ ᠶᠢᠨ ᠢᠷᠠᠭᠤ ᠨᠠᠢ᠌ᠷᠠᠭ ᠤᠨ ᠡᠳᠦᠷ ᠢ ᠳᠤᠷᠠᠰᠬᠠᠨ ᠳᠡᠮᠳᠡᠭᠯᠡᠭ᠍ᠰᠡᠨ ᠠᠩᠬᠠᠳᠤᠭᠠᠷ ᠬᠤᠭᠤᠴᠠᠭᠠᠨ ᠤ ᠰᠢᠠᠵᠢᠶᠠᠩ ᠤᠨ ᠤᠢ᠌ᠷᠠᠤᠨ ᠮᠤᠩᠭ᠋ᠤᠯ ᠤᠨ 《ᠠᠯᠳᠠᠨ ᠳᠦᠷᠦᠭᠡ》 ᠰᠢᠯᠦᠭ᠌ ᠤᠨ ᠳᠸᠯᠸᠢᠰ ᠱᠠᠩᠨᠠᠯᠳᠤ ᠣᠷᠤᠯᠳᠤᠭᠠᠨ ᠳᠤ 《ᠠᠯᠳᠠᠨ ᠳᠦᠷᠦᠭᠡ》 ᠰᠢᠭᠦᠷᠴᠡᠢ᠃ ᠠᠯᠢ ᠳᠠᠯ᠎ᠠ ᠡᠴᠡ ᠨᠢ ᠠᠪᠴᠤ ᠥᠵᠡᠭ᠍ᠰᠡᠨ ᠴᠤ ᠠᠯᠳᠠᠨ ᠳᠦᠷᠦᠭᠡ ᠰᠢᠭᠦᠷᠳᠡᠭ᠌ ᠰᠠᠢ᠌ᠨ ᠰᠢᠯᠦᠭ᠌ ᠮᠦᠨ ᠪᠠᠢ᠌ᠨ᠎ᠠ᠃ ᠭᠡᠪᠠᠴᠤ ᠶᠠᠮᠠᠷ ᠰᠠᠢ᠌ᠨ ᠰᠢᠯᠦᠭ᠍ᠴᠢ ᠴᠤ ᠭᠡᠳ ᠬᠠᠶᠠ ᠠᠯᠳᠠᠬᠤ ᠣᠴᠢᠷ ᠪᠣᠢ᠃ ᠳᠤᠰ ᠰᠢᠯᠦᠭ᠌ ᠲᠤ ᠰᠠᠨᠠᠭ᠎ᠠ ᠳᠠᠪᠬᠤᠴᠠᠭᠰᠠᠨ ᠮᠦᠷ ᠪᠠᠳᠠᠭ᠂ ᠨᠠᠢ᠌ᠷᠠᠭᠤᠯᠭ᠎ᠠ ᠶᠢᠨ ᠠᠯᠳᠠᠭ᠎ᠠ᠂ ᠰᠢᠷᠭᠠᠭᠠᠯᠳᠠ ᠰᠤᠯᠠᠳᠠᠭᠰᠠᠨ ᠭᠠᠵᠠᠷ ᠬᠠᠶᠠ ᠬᠠᠷᠠᠭᠳᠠᠵᠤ ᠪᠠᠢ᠌ᠭ᠎ᠠ᠃ ᠵᠢᠱᠢᠶᠡᠯᠡᠭᠦ ᠳᠤ᠄ 《ᠰᠢᠯᠦᠭ᠌ ᠲᠡᠭᠡᠨ ᠨᠢᠭᠤᠭᠰᠠᠨ᠂ ᠢᠷᠠᠭᠤ ᠨᠠᠢ᠌ᠷᠠᠭ ᠲᠠᠭᠠᠨ ᠨᠢᠭᠤᠭᠰᠠᠨ᠂ ᠰᠢᠯᠦᠭ᠌ ᠶᠢᠡᠷ ᠠᠷᠭᠠᠳᠠᠵᠤ ᠨᠢᠭᠤᠭᠰᠠᠨ》 ᠭᠡᠭᠦ ᠮᠦᠷ ᠭᠤᠷᠪᠠ ᠴᠤ ᠣᠳᠠᠭ᠎ᠠ ᠳᠠᠪᠳᠠᠭᠳᠠᠵᠤ ᠪᠣᠢ᠃ ᠣᠯᠠᠨ ᠮᠦᠷ ᠶᠢᠡᠷ ᠭᠠᠭᠴᠠ ᠰᠠᠨᠠᠭ᠎ᠠ ᠶᠢ ᠭᠠᠷᠭᠠᠬᠤ ᠪᠣᠰᠤ ᠬᠠᠷᠢᠨ ᠭᠠᠭᠴᠠ ᠮᠦᠷ ᠲᠤ ᠣᠯᠠᠨ ᠰᠠᠨᠠᠭ᠎ᠠ ᠶᠢ ᠪᠠᠭᠳᠠᠭᠠᠵᠤ ᠴᠢᠳᠠᠪᠠᠯ ᠰᠠᠶᠢ ᠰᠢᠯᠦᠭᠯᠡᠭᠦ ᠡᠷᠳᠡᠮ ᠪᠣᠶᠤ᠃ ᠨᠠᠢ᠌ᠷᠠᠭ ᠤᠨ ᠴᠢᠯᠠᠭᠤᠨ ᠳᠤ ᠪᠢᠯᠢᠭ᠌ ᠶᠢᠡᠨ ᠢᠷᠯᠠᠭᠠ ᠵᠠᠯᠠᠭᠤ ᠰᠢᠯᠦᠭ᠍ᠴᠢ ᠶᠢᠨ ᠬᠤᠪᠢᠨ ᠳᠤ ᠶᠠᠪᠣᠭᠠᠨ ᠳᠤ ᠪᠠᠨ ᠳᠤᠳᠠᠭᠳᠠᠯ ᠲᠡᠶ ᠳᠠᠯ᠎ᠠ ᠪᠠᠨ ᠨᠥᠭᠦᠵᠤ ᠴᠢᠳᠠᠨ᠎ᠠ ᠭᠡᠳᠡᠭ᠌ ᠲᠤ ᠢᠳᠡᠭᠡᠵᠤ ᠪᠠᠢ᠌ᠨ᠎ᠠ᠃
ᠡᠨᠡ ᠳ᠋ᠤᠭᠠᠷ ᠤᠨ ᠱᠠᠩᠨᠠᠯᠳᠤ ᠰᠢᠯᠦᠭ᠌ ᠤᠳ ᠲᠤ ᠬᠠᠷᠠᠭ᠎ᠠ ᠪᠠᠯᠴᠢᠭᠡᠵᠤ ᠰᠠᠭᠤᠬᠤ ᠳᠤ ᠭᠡᠯᠡ᠂ ᠰᠤᠶᠤᠯ᠂ ᠬᠠᠢ᠌ᠷ᠎ᠠ ᠪᠠᠷ ᠡᠷᠴᠢᠯᠡᠨ ᠨᠡᠢ᠌ᠳᠭᠡᠭ᠍ᠳᠡᠭ᠍ᠰᠡᠨ ᠺᠠ᠊·ᠴᠠᠷᠠᠠᠳᠤᠷᠵᠢ ᠶᠢᠨ 《ᠮᠢᠨᠤ ᠳᠤᠷᠭᠤᠳ ᠨᠤᠳᠤᠭ》 ᠭᠡᠭᠦ ᠰᠢᠯᠦᠭ᠌ ᠴᠤ ᠰᠡᠳᠭᠢᠯ ᠣᠶᠤᠨ ᠡᠴᠡ ᠳᠦᠭᠡᠨᠡᠭᠡᠳ ᠠᠪᠳᠠᠭ ᠨᠢ ᠵᠢᠭ᠍ᠳᠡᠢ᠃ ᠳᠤᠰ ᠰᠢᠯᠦᠭ᠌ 《ᠭᠡ ᠵᠢᠯᠭᠠᠨ》 ᠣᠷᠠᠨ ᠣᠩᠰᠢᠯᠭ᠎ᠠ ᠶᠢᠨ ᠣᠷᠤᠯᠳᠤᠭᠠᠨ ᠤ ᠨᠢᠭᠡᠳᠦᠭᠡᠷ ᠳᠠᠰ᠂ 《ᠠᠯᠳᠠᠨ ᠳᠦᠷᠦᠭᠡ》 ᠣᠷᠠᠨ ᠣᠩᠰᠢᠯᠭ᠎ᠠ ᠶᠢᠨ ᠣᠷᠤᠯᠳᠤᠭᠠᠨ ᠤ 《ᠵᠠᠰ ᠳᠦᠷᠦᠭᠡ》 ᠱᠠᠩᠨᠠᠯ ᠳᠤ ᠳᠤᠳᠤᠷᠠᠭᠰᠠᠨ ᠨᠢ ᠪᠣᠷᠤᠭᠤ ᠦᠭᠡᠶ᠃ ᠰᠢᠯᠦᠭ᠌ ᠲᠤ ᠪᠠᠨ ᠰᠢᠯᠦᠭ᠍ᠴᠢ ᠭᠤᠸᠠᠢ ᠳᠤᠷᠭᠤᠳ ᠨᠤᠳᠤᠭ ᠤᠨ ᠳᠤᠰᠤᠨ ᠭᠦᠷᠦᠰᠤᠨ ᠡᠴᠡ ᠦᠨᠳᠦᠰᠦᠯᠠᠨ ᠦᠷᠡᠯᠡᠭ᠍ᠰᠡᠨ ᠳᠡᠦᠭᠡ ᠰᠤᠶᠤᠯ᠂ ᠶᠤᠰᠤ ᠳᠠᠳᠬᠠᠯ᠂ ᠠᠷᠠᠤᠨ ᠤᠨ ᠵᠠᠩᠰᠢᠯ ᠶᠢᠡᠨ ᠨᠤᠳᠤᠭᠰᠢᠭ ᠬᠠᠢ᠌ᠷ᠎ᠠ ᠶᠢᠨ ᠠᠷᠢᠭᠤᠨ ᠭᠠᠯ ᠳᠤ ᠰᠢᠷᠭᠠᠭᠠᠨ ᠪᠣᠯᠪᠠᠰᠤᠷᠠᠭᠤᠯᠵᠤ᠂ ᠣᠤᠭᠠᠯ ᠭᠡᠯᠡᠨ ᠤ ᠪᠠᠨ ᠢᠳᠠ ᠭᠦᠴᠤᠨ ᠳᠤ ᠳᠦᠰᠢᠭᠯᠡᠨ ᠠᠮᠢᠯᠠᠭᠤᠯᠤᠨ ᠪᠣᠰᠬᠠᠵᠠᠢ᠃ ᠠᠭᠤᠯᠭ᠎ᠠ ᠪᠠᠶᠠᠯᠢᠭ᠂ ᠪᠠᠭᠳᠠᠭᠠᠮᠵᠢ ᠰᠠᠢ᠌ᠳᠠᠢ᠂ ᠰᠤᠶᠤᠯᠯᠢᠭ ᠣᠬᠠᠮᠰᠠᠷ ᠶᠢᠡᠷ ᠴᠢᠩᠭ᠎ᠠ᠂ ᠣᠶᠤᠠᠯᠢᠭ ᠳᠤᠩᠭ᠋ᠠᠭᠠᠯᠳᠠ ᠪᠠᠷ ᠭᠦᠨ ︕ ᠰᠢᠯᠦᠭ᠍ᠴᠢ ᠡᠴᠡ ᠡ᠊ᠨᠳᠡ ᠳᠡᠦᠭᠡ ᠰᠤᠶᠤᠯ ᠤᠨ ᠬᠠᠮᠢᠶᠠᠳᠠᠢ ᠵᠣᠢ᠌ᠯ᠂ ᠠᠮᠠᠨ ᠰᠤᠶᠤᠯ᠂ ᠪᠠᠭᠠᠳᠤᠷᠯᠢᠭ ᠳᠤᠤᠯᠢ᠂ ᠠᠮᠢᠳᠤᠷᠠᠯ ᠤᠨ ᠴᠡᠭᠡᠷ ᠶᠤᠰᠤ᠂ ᠬᠤᠪᠴᠠᠰᠤ ᠵᠠᠰᠠᠯ ᠤᠨ ᠰᠤᠶᠤᠯ ᠢ ᠪᠦᠷ ᠨᠢᠭᠡ ᠤᠳᠬ᠎ᠠ ᠶᠢᠨ ᠵᠠᠢ ᠳᠤ ᠬᠠᠮᠤᠷᠤᠨ ᠪᠠᠭᠳᠠᠭᠠᠭᠰᠠᠨ ᠨᠢ ᠦᠨᠡᠯᠠᠯᠳᠠᠢ᠃ ᠰᠢᠯᠦᠭ᠌ ᠲᠤ 《ᠳᠠᠷᠴᠤᠭ ᠤᠨ ᠰᠠᠯᠭᠢ ᠪᠠᠷ ᠭᠡᠢ᠌ᠮᠦᠷᠢ ᠪᠠᠨ ᠰᠡᠷᠭᠦᠭᠡᠳᠡᠭ᠌ ᠮᠢᠨᠤ ᠳᠤᠷᠭᠤᠳ ᠨᠤᠳᠤᠭ/ ᠳᠠᠯᠠᠯᠭ᠎ᠠ ᠶᠢᠨ ᠰᠤᠮᠤ ᠪᠠᠷ ᠭᠡᠰᠢᠭ᠌ ᠶᠢᠡᠨ ᠳᠠᠭᠤᠳᠠᠳᠠᠭ ᠮᠢᠨᠤ ᠳᠤᠷᠭᠤᠳ ᠨᠤᠳᠤᠭ/ ᠳᠤᠮᠪᠣᠷ ᠤᠨ ᠭᠡᠯᠡ ᠪᠠᠷ ᠳᠤᠳᠤᠷᠠᠭᠢ ᠪᠠᠨ ᠳᠡᠯᠭᠡᠳᠡᠭ᠌ ᠮᠢᠨᠤ ᠳᠤᠷᠭᠤᠳ ᠨᠤᠳᠤᠭ》᠂ 《ᠣᠷᠤᠩᠭ᠋ᠤ ᠶᠢᠨ ᠡᠪᠠᠷ ᠶᠢᠡᠷ ᠣᠳᠤᠷ ᠤᠨ ᠪᠠᠭᠤᠷᠢ ᠪᠠᠨ ᠳᠡᠮᠳᠡᠭᠯᠡᠳᠡᠭ᠌/ ᠣᠪᠣᠭᠠᠨ ᠴᠢᠯᠠᠭᠤ ᠪᠠᠷ ᠣᠩᠭ᠋ᠤᠳ ᠳᠡᠭ᠍ᠷᠢ ᠲᠡᠶ ᠪᠠᠶᠠᠰᠤᠯᠴᠠᠳᠠᠭ》᠂ 《ᠶᠠᠰᠢᠯ ᠤᠨ ᠬᠡᠦᠬᠡᠳ ᠭᠡᠪᠳᠡᠢ ᠴᠠᠢ᠌ᠯᠭᠠᠨ ᠪᠠᠢ᠌ᠳᠠᠭ ᠦᠭᠭᠦᠯ ᠠᠪᠣᠯ ᠲᠡᠶ ᠨᠤᠳᠤᠭ/ ᠢᠮᠠᠭᠠᠨ ᠤ ᠬᠤᠷᠭᠤᠨ ᠭᠡᠪᠳᠡᠢ ᠴᠠᠷᠴᠠᠭᠠᠤᠨ ᠪᠠᠢ᠌ᠳᠠᠭ ᠣᠢ ᠭᠤᠮᠤᠳᠠᠯ ᠲᠡᠶ ᠣᠷᠤᠨ》᠂ 《ᠡᠮᠡᠭᠡᠯ ᠤᠨ ᠬᠤᠶᠠᠷ ᠪᠦᠭᠦᠷᠭᠡ ᠳᠡᠭᠡᠷ᠎ᠡ ᠡᠷᠳᠡᠮ ᠤᠨ ᠴᠣᠢ᠌ᠷᠸ᠎ᠠ ᠬᠠᠶᠠᠯᠴᠠᠳᠠᠭ》᠂《ᠬᠠᠷᠠᠬᠤ ᠳᠦᠷᠪᠠᠨ ᠵᠥᠭ᠌ ᠶᠢᠡᠨ ᠬᠠᠷᠠᠭᠠᠴᠢ ᠶᠢᠨ ᠰᠢᠷ᠎ᠠ ᠨᠠᠷᠠ ᠪᠠᠷ ᠳᠡᠮᠳᠡᠭᠯᠡᠳᠡᠭ᠌》 ᠭᠡᠭᠦ ᠮᠦᠷ ᠪᠠᠳᠠᠭ ᠤᠳ ᠪᠣᠢ᠃ ᠵᠢᠩᠭᠢᠨᠢ ᠮᠤᠩᠭ᠋ᠤᠯ ᠠᠮᠢᠳᠤᠷᠠᠯ ᠳᠤ ᠢᠳᠡᠭᠡᠰᠢᠵᠤ᠂ ᠮᠤᠩᠭ᠋ᠤᠯ ᠵᠠᠩ ᠰᠤᠶᠤᠯ ᠶᠢᠡᠨ ᠣᠢ᠌ᠯᠠᠭᠠᠵᠤ ᠮᠡᠳᠡᠳᠡᠭ᠌ ᠰᠢᠯᠦᠭ᠍ᠴᠢ ᠶᠢᠨ ᠭᠠᠷ ᠡᠴᠡ ᠯᠠ ᠡᠢ᠌ᠮᠦᠷᠭᠦ ᠵᠢᠷᠦᠭᠡᠨ ᠳᠤ ᠭᠦᠷᠦᠮᠡᠷ ᠳᠤᠰᠤᠨ ᠰᠢᠷᠭᠠᠯ ᠨᠠᠢ᠌ᠷᠠᠭ ᠭᠠᠷᠬᠤ ᠨᠢ ᠣᠢ᠌ᠯᠠᠭᠠᠮᠵᠢᠳᠠᠢ᠃ ᠴᠠᠪᠠᠷ ᠮᠤᠩᠭ᠋ᠤᠯ ᠰᠡᠳᠭᠢᠭᠦᠢ ᠭᠡᠭ᠍ᠴᠢ ᠡᠨᠡ ᠪᠣᠶᠤ ︕ ᠳᠡᠭᠡᠭᠡᠳ ᠭᠡᠯᠡ ᠭᠡᠯᠡᠯᠭᠡ ᠨᠢ ᠪᠣᠷᠤᠭᠵᠢᠭᠤᠨ ᠣᠢ᠌ᠯᠠᠭᠠᠮᠵᠢᠳᠠᠢ᠂ ᠨᠤᠳᠤᠭᠰᠢᠭ ᠳᠤᠳᠤᠨᠤ᠂ ᠠᠮᠢᠳᠤ ᠳᠦᠷᠰᠦᠯᠢᠭ᠌᠂ ᠳᠤᠰᠤᠷᠬᠠᠭ ᠱᠠᠩᠳᠠᠭᠤᠨ ᠪᠠᠢ᠌ᠭ᠎ᠠ ᠨᠢ ᠶᠡᠭᠡ ᠠᠶᠠᠳᠠᠢ᠌ᠬᠠᠨ᠃ ᠡ᠊ᠨᠳᠡ ᠭᠠᠷᠴᠤ ᠪᠠᠢ᠌ᠭ᠎ᠠ 《ᠭᠦᠦᠨᠢᠳᠡᠳᠡᠭ᠌᠂ ᠳᠠᠷᠴᠤᠭ᠂ ᠳᠤᠯᠢᠭ᠂ ᠬᠠᠰᠠᠪᠴᠢ᠂ ᠱᠤᠷᠤᠯᠭ᠎ᠠ᠂ ᠭᠡᠪᠳᠡᠢ᠂ ᠬᠤᠷᠭᠤᠨ᠂ ᠬᠠᠷᠠᠭᠠᠴᠢ》 ᠵᠡᠷᠭᠡ ᠣᠷᠤᠨ ᠨᠤᠳᠤᠭ ᠤᠨ ᠶᠠᠷᠢᠶᠠᠨ ᠤ ᠭᠡᠯᠡ ᠭᠡᠯᠡᠯᠭᠡ ᠪᠣᠯ ᠳᠠᠷᠠ ᠴᠢᠭ᠌ ᠶᠢᠡᠷ ᠶᠢᠡᠨ ᠡᠪᠦᠭᠡ ᠳᠡᠭᠡᠳᠦᠰ ᠤᠨ ᠪᠦᠳᠦᠭᠡᠭ᠍ᠰᠡᠨ ᠦᠪ ᠰᠤᠶᠤᠯ ᠤᠨ ᠠᠮᠢᠳᠤ ᠴᠢᠯᠠᠭᠤᠵᠢᠮᠠᠯ ᠶᠤᠮ᠃ ᠣᠳᠤᠬᠠᠨ ᠳᠤ ᠵᠥᠪᠭᠡᠨ ᠰᠢᠠᠵᠢᠶᠠᠩ ᠤᠨ ᠤᠢ᠌ᠷᠠᠤᠨ᠂ ᠳᠡᠭᠡᠳᠤ ᠮᠤᠩᠭ᠋ᠤᠯ᠂ ᠠᠯᠠᠱᠠ ᠶᠢᠨ ᠳᠤᠷᠭᠤᠳ ᠵᠡᠷᠭᠡ ᠭᠠᠵᠠᠷ ᠣᠷᠤᠨ ᠶᠢᠡᠷ ᠡᠳᠡᠭᠡᠷ ᠥᠭᠡᠰ ᠢ ᠭᠡᠷᠡᠭᠯᠡᠵᠤ ᠪᠣᠢ᠃ ᠺᠠ᠊·ᠴᠠᠷᠠᠠᠳᠤᠷᠵᠢ ᠡᠴᠡ ᠡᠢ᠌ᠮᠦᠷᠭᠦ ᠨᠤᠳᠤᠭ ᠤᠨ ᠠᠮᠢᠳᠤ ᠶᠠᠷᠢᠶᠠᠨ ᠤ ᠭᠡᠯᠡ ᠪᠠᠨ ᠰᠢᠯᠦᠭ᠌ ᠪᠦᠳᠦᠭᠡᠯ ᠳᠤ ᠪᠠᠨ ᠣᠬᠠᠮᠰᠠᠷ ᠲᠡᠶ ᠪᠠᠷ ᠵᠠᠷᠤᠵᠤ ᠭᠡᠷᠡᠭᠯᠡᠭ᠍ᠰᠡᠨ ᠨᠢ ᠥᠨᠡᠯᠡᠭᠦᠰᠢᠳᠡᠢ᠃ ᠪᠢᠳᠠ ᠰᠤᠶᠤᠯ ᠶᠢᠡᠨ ᠬᠠᠮᠠᠭᠠᠯᠠᠬᠤ ᠭᠡᠪᠠᠯ ᠭᠡᠯᠡ ᠪᠠᠨ ᠬᠠᠮᠠᠭᠠᠯᠠᠬᠤ ᠡᠴᠡ ᠭᠠᠷᠳᠠᠬᠤ ᠭᠡᠷᠡᠭ᠍ᠳᠡᠢ ︕
ᠨᠥᠭᠦᠷᠰᠡᠭ᠌ ᠵᠦᠪᠯᠠᠮᠵᠢ᠄ ᠨᠢᠭᠤᠯ ᠦᠭᠡᠶ ᠭᠡᠯᠡᠭᠦ ᠳᠤ ᠳᠤᠰ ᠰᠢᠯᠦᠭ᠌ ᠴᠤᠯᠤ ᠮᠠᠭᠳᠠᠭᠠᠯ ᠢᠷᠦᠭᠡᠯ ᠶᠢᠡᠷ ᠭᠤᠤᠯᠯᠠᠳᠠᠭ ᠣᠯᠠᠮᠵᠢᠯᠠᠯᠳᠤ ᠮᠤᠩᠭ᠋ᠤᠯ ᠰᠢᠯᠦᠭ᠌ ᠤᠨ ᠦᠨᠦᠷ ᠠᠮᠳᠠ ᠪᠠᠷ ᠪᠠᠬᠠᠨ ᠦᠳᠭᠡᠨ᠃ ᠣᠯᠠᠮᠵᠢᠯᠠᠯ ᠶᠢᠡᠨ ᠮᠦᠷᠳᠡᠭᠦ ᠨᠢ ᠠᠷᠠᠢ ᠪᠣᠷᠤᠭᠤ ᠴᠤ ᠭᠡᠰᠡᠨ ᠰᠠᠨᠠᠭ᠎ᠠ ᠪᠢᠰᠢ᠂ ᠬᠠᠷᠢᠨ ᠣᠯᠠᠮᠵᠢᠯᠠᠯᠳᠤ ᠵᠣᠢ᠌ᠯᠠᠰ ᠶᠢᠡᠨ ᠨᠠᠩ ᠪᠦᠳᠦᠭᠡᠯᠴᠢ ᠪᠠᠷ ᠠᠰᠢᠭᠯᠠᠵᠤ᠂ ᠳᠡᠭᠡᠷ᠎ᠡ ᠨᠢ ᠦᠪᠡᠷ ᠤᠨ ᠭᠡᠰᠡᠨ ᠥᠩᠭᠡ ᠪᠣᠳᠤᠭ ᠶᠢᠡᠨ ᠳᠠᠭᠠᠷᠠᠭᠤᠯᠪᠠᠯ ᠰᠢᠯᠦᠭ᠌ ᠤᠨ ᠰᠠᠨᠠᠭ᠎ᠠ᠂ ᠢᠯᠡᠳᠭᠡᠭᠦ ᠠᠷᠭ᠎ᠠ ᠶᠢᠨ ᠬᠤᠪᠢ ᠳᠤ ᠣᠯᠠᠮ ᠴᠢᠯᠦᠭᠡ ᠲᠡᠶ ᠪᠣᠯᠵᠤ᠂ ᠪᠢᠴᠢᠯᠭᠡ ᠶᠢᠨ ᠭᠡᠪ ᠵᠠᠭᠪᠣᠷ ᠲᠤ ᠪᠠᠷᠢᠭᠳᠠᠬᠤ ᠡᠴᠡ ᠵᠡᠢ᠌ᠯᠡᠰᠭᠢᠵᠤ ᠴᠢᠳᠠᠨ᠎ᠠ᠃ ᠨᠥᠭᠦᠭᠡ ᠣᠷᠠᠨ ᠪᠦᠳᠦᠭᠡᠯᠴᠢ ᠪᠦᠭᠦᠨ ᠭᠡᠯᠡᠨ ᠤ ᠳᠠᠷᠬᠠᠨ ᠪᠠᠢ᠌ᠬᠤ ᠶᠤᠰᠤᠳᠠᠢ᠃ ᠡᠯᠡᠰᠤᠨ ᠳᠤᠳᠤᠷ᠎ᠠ ᠡᠴᠡ ᠠᠯᠳᠠ ᠱᠥᠭᠦᠵᠤ ᠠᠪᠳᠠᠭ ᠰᠢᠭ ᠥᠭᠡ ᠳᠤᠳᠤᠷ᠎ᠠ ᠡᠴᠡ ᠥᠭᠡ ᠰᠢᠷᠭᠠᠭᠠᠵᠤ ᠪᠠᠢ᠌ᠵᠤ ᠰᠠᠶᠢ ᠰᠢᠯᠦᠭ᠌ ᠤᠨ ᠮᠦᠷ ᠶᠢᠡᠨ ᠴᠤᠭᠴᠠᠯᠠᠨ᠎ᠠ᠃ ᠳᠡᠭᠡᠷ᠎ᠡ ᠵᠢᠱᠢᠶᠡᠯᠡᠭ᠍ᠰᠡᠨ 《ᠣᠪᠣᠭᠠᠨ ᠴᠢᠯᠠᠭᠤ ᠪᠠᠷ ᠣᠩᠭ᠋ᠤᠳ ᠳᠡᠭ᠍ᠷᠢ ᠲᠡᠶ ᠪᠠᠶᠠᠰᠤᠯᠴᠠᠳᠠᠭ》 ᠭᠡᠭᠦ ᠮᠦᠷ ᠤᠨ《ᠪᠠᠶᠠᠰᠤᠯᠴᠠᠳᠠᠭ》 ᠭᠡᠭᠦ ᠥᠭᠡ ᠶᠢ 《ᠶᠠᠷᠢᠯᠴᠠᠳᠠᠭ》 ᠭᠡᠰᠡᠨ ᠪᠣᠯ ᠨᠠᠩ ᠳᠤᠭᠢᠷᠠᠮᠵᠢᠳᠠᠢ ᠰᠢᠭ ᠰᠠᠨᠠᠭᠳᠠᠯ᠎ᠠ᠃
ᠳᠠᠷᠠᠭ᠎ᠠ ᠪᠠᠷ ᠣᠶᠤᠨ ᠤ ᠭᠦᠨᠡᠰᠤ ᠪᠠᠷ ᠭᠠᠠᠵᠤᠭ᠎ᠠ ᠪᠠᠨ ᠳᠦᠭᠦᠷᠭᠡᠵᠤ᠂ ᠦᠬᠢᠨ ᠵᠠᠶᠠᠭᠠᠨ ᠳᠤ ᠪᠠᠨ ᠣᠮᠤᠭᠰᠢᠨ ᠶᠠᠪᠣᠭ᠎ᠠ ᠰᠡᠳᠭᠢᠯ ᠳᠤ ᠪᠠᠨ ᠭᠠᠯ ᠲᠡᠶ ᠤᠢ᠌ᠷᠠᠤᠨ ᠪᠦᠰᠡᠭᠦᠢ ᠨᠠᠢ᠌ᠷᠠᠭᠴᠢ ᠊᠊᠊᠊᠊᠊᠊᠊᠊᠊᠊᠊᠊᠊᠊ ᠭᠣ᠊·ᠣᠶᠤᠳᠤ ᠶᠢᠨ 《ᠦᠬᠢᠨ ᠵᠠᠶᠠᠭᠠᠨ ᠤ ᠳᠤᠤᠯᠢ》 ᠶ᠋ᠢ ᠳᠤᠷᠠᠳᠬᠤ ᠦᠭᠡᠶ ᠪᠠᠢ᠌ᠵᠤ ᠦᠯᠦ ᠪᠣᠯᠤᠨ᠎ᠠ᠃ ᠳᠠᠷᠠ ᠳᠤᠰ ᠰᠢᠯᠦᠭ᠌ ᠲᠤ ᠪᠠᠨ ᠪᠦᠰᠡᠭᠦᠢ ᠭᠦᠮᠤᠨ ᠤ ᠠᠭᠤᠵᠢᠮ ᠪᠣᠳᠤᠯ᠂ ᠦᠯᠡᠮᠵᠢ ᠬᠠᠢ᠌ᠷ᠎ᠠ᠂ ᠥᠭ᠍ᠭᠢᠶᠡᠮᠦᠷ ᠰᠡᠳᠭᠢᠯ᠂ ᠨᠠᠷᠢᠨ ᠣᠢ᠌ᠯᠠ ᠶᠢ ᠰᠡᠳᠭᠢᠯ ᠳᠤ ᠴᠡᠴᠡᠭᠯᠡᠳᠡᠯᠡ ᠵᠢᠷᠤᠭᠯᠠᠵᠤ᠂ ᠦᠬᠢᠨ ᠵᠠᠶᠠᠭᠠᠨ ᠳᠤ ᠪᠠᠨ ᠭᠤᠳᠤᠷᠠᠬᠤ ᠪᠢᠰᠢ ᠬᠠᠷᠢᠨ ᠣᠮᠤᠭᠰᠢᠨ ᠪᠠᠶᠠᠰᠴᠤ ᠶᠠᠪᠣᠭ᠎ᠠ ᠣᠶᠤᠨ ᠪᠣᠳᠤᠯ ᠤᠨ ᠬᠠᠨᠤᠮᠰᠢᠯ ᠶᠢᠡᠨ ᠣᠷᠠᠨ ᠪᠦᠰᠡᠭᠦᠢ ᠶᠢᠨ ᠭᠠᠷ ᠶᠢᠡᠷ ᠨᠠᠢ᠌ᠷᠠᠭ ᠤᠨ ᠳᠤᠷᠭᠠᠨ ᠳᠡᠭᠡᠭᠦᠷ ᠱᠠᠭᠯᠠᠨ ᠥᠵᠡᠭᠦᠯᠦᠭ᠍ᠰᠡᠨ ᠨᠢ ᠭᠠᠢ᠌ᠬᠠᠯᠳᠠᠢ᠃ 《ᠳᠤᠪᠴᠢ ᠶᠢᠨ ᠳᠦᠷᠪᠠᠨ ᠨᠥᠭᠡ ᠪᠠᠷ ᠠᠮᠢᠳᠤᠷᠠᠯ ᠤᠨ ᠬᠠᠳᠠᠭᠤ ᠶᠢ ᠰᠥᠪᠠᠯᠡᠭ᠍ᠰᠡᠨ/ ᠳᠤᠷᠭᠠᠨ ᠬᠠᠠᠵᠢᠶᠠᠷ ᠤᠨ ᠡᠮᠵᠢᠶᠡᠷᠢ ᠳᠡᠭᠡᠷ᠎ᠡ ᠬᠠᠢ᠌ᠷ᠎ᠠ ᠪᠠᠨ ᠱᠠᠭᠯᠠᠨ ᠣᠶᠤᠭᠰᠠᠨ/ ᠦᠬᠢᠨ ᠵᠠᠶᠠᠭ᠎ᠠ ᠊᠊᠊᠊᠊᠊᠊᠊᠊᠊᠊᠊᠊᠊᠊ ᠣᠷᠴᠢᠯᠠᠩ ᠤᠨ ᠬᠠᠭᠠᠰ ᠳᠤᠯᠭᠠᠭᠤᠷᠢ》᠃ ᠠᠮᠢᠳᠤᠷᠠᠯ ᠤᠨ ᠬᠠᠳᠠᠭᠤ ᠶᠢ ᠳᠤᠪᠴᠢ ᠶᠢᠨ ᠨᠥᠭᠡ ᠪᠠᠷ ᠰᠦᠪᠡᠯᠠᠨ ᠣᠶᠠᠷᠠᠭᠠᠵᠤ᠂ ᠬᠠᠢ᠌ᠷ᠎ᠠ ᠶᠢᠨ ᠥᠭᠡᠰ ᠶᠢᠡᠨ ᠬᠠᠠᠵᠢᠶᠠᠷ ᠤᠨ ᠡᠮᠵᠢᠶᠡᠷᠢ ᠳᠡᠭᠡᠷ᠎ᠡ ᠱᠠᠭᠯᠠᠨ ᠣᠶᠤᠬᠤ ᠣᠷᠠᠨ ᠣᠢ᠌ᠯᠠ ᠶᠢ ᠣᠬᠠᠭᠠᠠᠳᠤ ᠮᠤᠩᠭ᠋ᠤᠯ ᠪᠦᠰᠡᠭᠦᠢ ᠯᠠ ᠪᠠᠶᠡᠯᠡᠭᠦᠯᠵᠤ ᠴᠢᠳᠠᠨ᠎ᠠ ᠪᠢᠵᠠ ⁈ ᠠᠮᠢᠳᠤᠷᠠᠯ ᠤᠨ ᠥ ᠪᠠᠨ ᠣᠢ᠌ᠯᠠ ᠶᠢᠨ ᠬᠠᠢ᠌ᠴᠢ ᠪᠠᠷ ᠡᠰᠭᠡᠨ ᠵᠣᠢ᠌ᠵᠤ᠂ ᠠᠯᠳᠠᠨ ᠵᠠᠶᠠᠭ᠎ᠠ ᠪᠠᠨ ᠪᠦᠪᠠᠢ ᠶᠢᠨ ᠳᠠᠭᠤᠤ ᠪᠠᠷ ᠪᠠᠶᠠᠰᠬᠠᠨ ᠢᠨᠢᠶᠡᠯᠭᠡᠭᠦ ᠭᠡᠰᠡᠨ ᠥᠭᠡᠳᠡᠷᠭᠡᠭ᠌ ᠳᠡᠭ᠍ᠵᠢᠨ ᠰᠠᠨᠠᠭ᠎ᠠ ᠰᠢᠯᠦᠭ᠌ ᠤᠨ ᠮᠦᠷ ᠡᠴᠡ ᠭᠢᠯᠠᠯᠵᠠᠨ ᠪᠠᠢ᠌ᠨ᠎ᠠ᠃ 《ᠣᠶᠠᠬᠠᠨ ᠬᠤᠩᠭ᠋ᠤᠷ ᠰᠡᠳᠭᠢᠯ ᠮᠢᠨᠢ ᠴᠡᠴᠡᠭ᠌ ᠤᠨ ᠥᠩᠭᠡ ᠳᠠᠢ/ ᠴᠢᠯᠠᠭᠤᠨ ᠤ ᠬᠠᠳᠠᠭᠤ ᠢᠳᠡᠭᠡᠯ ᠮᠢᠨᠢ ᠣᠰᠤᠨ ᠤ ᠳᠡᠮᠳᠡᠭ᠌ ᠳᠠᠢ/ ᠭᠦᠮᠤᠨ ᠤ ᠠᠷᠢᠭᠤᠨ ᠮᠦᠰᠤ ᠮᠢᠨᠢ ᠰᠦ᠋ ᠶᠢᠨ ᠦᠨᠦᠷ ᠳᠠᠢ/ ᠠᠪᠠᠢ ᠭᠡᠷᠡᠯ ᠵᠢᠰᠤ ᠮᠢᠨᠢ ᠳᠤᠤᠯᠢ ᠶᠢᠨ ᠭᠡᠭᠡ ᠲᠡᠶ》᠃ ᠡ᠊ᠨᠳᠡ ᠪᠦᠰᠡᠭᠦᠢ ᠭᠦᠮᠤᠨ ᠤ ᠴᠡᠴᠡᠭ᠌ ᠤᠨ ᠥᠩᠭᠡ ᠲᠡᠶ ᠰᠡᠳᠭᠢᠯ᠂ ᠣᠰᠤᠨ ᠤ ᠳᠡᠮᠳᠡᠭ᠌ ᠲᠡᠶ ᠢᠳᠡᠭᠡᠯ᠂ ᠰᠦ᠋ ᠶᠢᠨ ᠦᠨᠦᠷ ᠲᠡᠶ ᠭᠦᠮᠤᠨ ᠮᠦᠰᠤ᠂ ᠳᠤᠤᠯᠢ ᠶᠢᠨ ᠭᠡᠭᠡ ᠲᠡᠶ ᠭᠡᠦᠭᠡᠨ ᠵᠢᠰᠤ ᠶᠢ ᠶᠠᠭᠠᠭᠢᠵᠤ ᠰᠠᠢ᠌ᠬᠠᠨ ᠥᠵᠡᠭᠦᠯᠦᠭ᠍ᠰᠡᠨ ᠭᠡᠵᠤ ᠰᠠᠨᠠᠨ᠎ᠠ ︖ ᠭᠡᠯᠡᠨ ᠳᠤ ᠪᠠᠨ ᠢᠳᠢ ᠲᠡᠶ᠂ ᠣᠶᠤᠨ ᠳᠤ ᠪᠠᠨ ᠰᠢᠳᠢ ᠲᠡᠶ ᠪᠦᠰᠡᠭᠦᠢ ᠨᠠᠢ᠌ᠷᠠᠭᠴᠢ ᠶᠢᠨ ᠭᠠᠷ ᠡᠴᠡ ᠯᠠ ᠡᠢ᠌ᠮᠦᠷᠭᠦ ᠣᠶᠠᠨ ᠨᠠᠯᠠᠷᠬᠠᠢ᠂ ᠭᠦᠨ ᠣᠬᠠᠭᠠᠯᠢᠭ ᠰᠢᠯᠦᠭ᠌ ᠳᠦᠷᠦᠳᠡᠭ᠌ ᠪᠣᠯᠪᠠ ᠦᠦ ︖ 《ᠳᠡᠭ᠍ᠷᠢᠯᠢᠭ᠌ ᠬᠠᠢ᠌ᠷ᠎ᠠ ᠶᠢᠨ ᠦᠬᠢᠳ ᠮᠢᠨᠢ/ ᠭᠦᠮᠤᠨ ᠤ ᠭᠢ ᠪᠣᠯᠳᠠᠭ ᠡᠨᠡ ᠳᠦᠷᠤᠯ ᠳᠡᠭᠡᠨ ᠪᠣᠤ ᠭᠤᠮᠤᠳᠠ/ ᠳᠡᠯᠡᠭᠡᠢ ᠣᠷᠴᠢᠯᠠᠩ ᠳᠠᠪᠠᠯ ᠳᠤ ᠴᠢᠨᠢ ᠪᠠᠭᠳᠠᠵᠤ ᠪᠣᠢ》 ᠭᠡᠵᠤ ᠰᠢᠯᠦᠭᠯᠡᠭ᠍ᠰᠡᠨ ᠨᠢ ᠪᠣᠢ᠃ ᠪᠦᠰᠡᠭᠦᠢ ᠭᠦᠮᠤᠨ ᠤ ᠳᠠᠪᠠᠯ ᠳᠤ ᠪᠦᠳᠤᠨ ᠠᠮᠢᠳᠤᠷᠠᠯ᠂ ᠪᠦᠯᠢᠶᠡᠨ ᠬᠠᠢ᠌ᠷ᠎ᠠ᠂ ᠪᠣᠶᠠᠨ ᠭᠡᠰᠢᠭ᠌᠂ ᠪᠦᠳᠦᠷᠢᠯ ᠨᠤᠭᠤᠷᠠᠯ᠂ ᠴᠢᠨᠠᠭᠰᠢᠯᠠᠪᠠᠯ ᠪᠦᠭᠦᠢᠯᠡ ᠶᠢᠷᠳᠢᠠᠴᠤ ᠳᠠᠷᠠ ᠶᠠᠩᠵᠤ ᠪᠠᠷ ᠶᠢᠡᠨ ᠪᠠᠭᠳᠠᠳᠠᠭ ᠭᠡᠮᠡᠨ ᠨᠠᠢ᠌ᠷᠠᠭ ᠤᠨ ᠴᠢᠯᠠᠭᠤ ᠪᠠᠷ ᠵᠡᠷᠭᠡᠯᠡᠨ ᠳᠡᠭ᠍ᠷᠢ ᠶᠢᠨ ᠭᠡᠯᠡ ᠪᠠᠷ ᠣᠴᠢᠷᠯᠠᠵᠤ ᠪᠠᠢ᠌ᠨ᠎ᠠ᠃ ᠵᠢᠩᠭᠢᠨᠢ ᠮᠤᠩᠭ᠋ᠤᠯ ᠰᠢᠯᠦᠭ᠌ ᠤᠨ ᠬᠠᠷ᠎ᠠ ᠠᠷᠢᠭᠢᠨ ᠳᠤ ᠮᠠᠨᠠᠷᠠᠳᠠᠯ᠎ᠠ ᠰᠤᠭᠳᠤᠬᠤ ᠭᠡᠭ᠍ᠴᠢ ᠵᠢᠷᠭᠠᠯ ᠳ᠋ᠠ ︕
ᠨᠥᠭᠦᠷᠰᠡᠭ᠌ ᠵᠦᠪᠯᠠᠮᠵᠢ᠄ ᠳᠤᠰ ᠰᠢᠯᠦᠭ᠌ 《ᠭᠡ ᠵᠢᠯᠭᠠᠨ》 ᠣᠷᠠᠨ ᠣᠩᠰᠢᠯᠭ᠎ᠠ ᠶᠢᠨ ᠣᠷᠤᠯᠳᠤᠭᠠᠨ ᠤ ᠭᠤᠷᠪᠠᠳᠤᠭᠠᠷ ᠳᠠᠰ ᠤᠨ ᠱᠠᠩᠨᠠᠯ ᠭᠦᠷᠳᠡᠭ᠍ᠰᠡᠨ ᠨᠢ ᠮᠠᠰᠢ ᠵᠦᠪ ᠭᠡᠵᠤ ᠦᠵᠡᠨ᠎ᠡ᠃ ᠭᠡᠪᠠᠴᠤ ᠰᠢᠯᠦᠭ᠌ ᠤᠨ ᠡᠭᠢᠨ ᠤ ᠪᠠᠳᠠᠭ ᠤᠨ ᠰᠡᠭᠦᠯᠴᠢ ᠶᠢᠨ ᠬᠤᠶᠠᠷ ᠮᠦᠷ ᠢ ᠶᠠᠭᠠᠭᠢᠵᠤ ᠣᠩᠰᠢᠪᠠᠴᠤ ᠠᠢ᠌ᠵᠢᠮ ᠴᠤᠭᠢᠯᠭ᠎ᠠ᠂ ᠤᠶᠠᠩᠭ᠎ᠠ ᠭᠦᠦᠷᠨᠢᠯ ᠤᠨ ᠨᠢᠭᠡᠳᠦᠯ ᠨᠢᠭᠡ ᠯᠠ ᠳᠠᠭᠠᠷᠠᠵᠤ ᠦᠭᠭᠦ ᠦᠭᠡᠶ ᠳᠠᠭᠢᠷ ᠳᠤᠭᠤᠯᠠᠩ ᠪᠣᠯᠤᠭᠰᠠᠨ ᠰᠢᠭ ᠰᠠᠨᠠᠭᠳᠠᠭᠠᠤᠨ ᠪᠠᠢ᠌ᠨ᠎ᠠ᠃ ᠮᠤᠩᠭ᠋ᠤᠯ ᠰᠢᠯᠦᠭ᠌ ᠲᠤ ᠠᠢ᠌ᠵᠢᠮ ᠴᠤᠭᠢᠯᠭ᠎ᠠ ᠪᠣᠯᠤᠨ ᠤᠶᠠᠩᠭ᠎ᠠ ᠭᠦᠦᠷᠨᠢᠯ ᠤᠨ ᠨᠢᠭᠡᠳᠦᠯ ᠢ ᠳᠤᠩ ᠠᠩᠬᠠᠷᠳᠠᠭ ᠢ ᠰᠠᠨᠠᠭᠤᠯᠤᠶ᠎ᠠ᠃ ᠡᠨᠡ ᠳᠠᠯ᠎ᠠ ᠪᠠᠷ ᠪᠦᠷᠢᠨ ᠴᠠᠭᠠᠷᠠᠭᠠᠤᠨ ᠢᠷᠡᠭᠦ ᠶᠢᠨ ᠪᠣᠯᠪᠠᠯ ᠬᠤᠵᠢᠮ ᠭᠡᠯᠡᠨ ᠳᠤ ᠪᠠᠨ ᠳᠤᠰᠤ ᠲᠡᠶ᠂ ᠪᠢᠯᠢᠭ᠌ ᠲᠤ ᠪᠠᠨ ᠭᠠᠯ ᠲᠡᠶ ᠰᠠᠢ᠌ᠨ ᠰᠢᠯᠦᠭ᠍ᠴᠢ ᠪᠣᠯᠬᠤ ᠶᠢᠨ ᠰᠠᠢ᠌ᠬᠠᠨ ᠰᠤᠪᠢᠩ ᠮᠡᠳᠡᠭ᠍ᠳᠡᠵᠤ ᠪᠠᠢ᠌ᠨ᠎ᠠ᠃
《ᠦᠣᠷ ᠤᠨ ᠴᠤᠯᠮᠤᠨ》 ᠰᠡᠳᠭᠦᠯ ᠤᠨ ᠭᠢᠨ 2013 ᠣᠨ ᠤ 3 ᠳ᠋ᠤᠭᠠᠷ ᠬᠤᠭᠤᠴᠠᠭᠠᠨ ᠤ ᠢᠷᠠᠭᠤ ᠨᠠᠢ᠌ᠷᠠᠭ ᠪᠣᠯᠤᠩ ᠳᠤ ᠪᠠᠨ ᠭᠤᠤᠯᠳᠠᠭᠤ ᠰᠢᠠᠵᠢᠶᠠᠩ ᠣᠷᠤᠨ ᠳᠤ ᠶᠠᠪᠣᠭᠳᠠᠭᠰᠠᠨ 《ᠭᠡ ᠵᠢᠯᠭᠠᠨ》 ᠪᠣᠯᠤᠨ 《ᠠᠯᠳᠠᠨ ᠳᠦᠷᠦᠭᠡ》 ᠭᠡᠮᠡᠭᠦ ᠣᠷᠠᠨ ᠣᠩᠰᠢᠯᠭ᠎ᠠ ᠶᠢᠨ ᠣᠷᠤᠯᠳᠤᠭᠠᠨ ᠳᠤ ᠱᠠᠩᠨᠠᠯ ᠣᠯᠤᠭᠰᠠᠨ ᠪᠦᠳᠦᠭᠡᠯ ᠤᠳ ᠢ ᠰᠤᠩᠭ᠋ᠤᠨ ᠨᠠᠢ᠌ᠳᠠᠯᠠᠵᠠᠢ᠃ ᠨᠠᠷᠢᠨ ᠱᠥᠭᠦᠨ ᠣᠩᠰᠢᠬᠤ ᠳᠤ ᠱᠠᠩᠨᠠᠯ ᠣᠯᠤᠭᠰᠠᠨ ᠪᠦᠳᠦᠭᠡᠯ ᠤᠳ ᠪᠦᠷ ᠦᠪᠡᠷ ᠦᠪᠡᠷ ᠤᠨ ᠣᠠᠴᠠᠯᠢᠭ᠂ ᠦᠨᠦᠷ ᠠᠮᠳᠠ᠂ ᠥᠩᠭᠡ ᠪᠣᠳᠤᠭ ᠶᠢᠡᠷ ᠶᠢᠡᠨ ᠢᠯᠭᠠᠷᠠᠭᠰᠠᠨ ᠣᠩᠰᠢᠪᠣᠷᠢᠳᠠᠢ ᠪᠦᠳᠦᠭᠡᠯ ᠤᠳ ᠪᠠᠢ᠌ᠭ᠎ᠠ᠃ ᠡᠭᠦᠨ ᠡᠴᠡ ᠰᠢᠠᠵᠢᠶᠠᠩ ᠤᠨ ᠤᠢ᠌ᠷᠠᠤᠨ ᠮᠤᠩᠭ᠋ᠤᠯᠴᠤᠳ ᠤᠨ ᠣᠷᠠᠨ ᠵᠤᠬᠢᠶᠠᠯ ᠤᠨ ᠭᠦᠭ᠍ᠵᠢᠯᠳᠡ ᠶᠢᠨ ᠭᠢᠷᠢ ᠲᠦᠪᠰᠢᠨ ᠢ ᠵᠤᠭᠢᠬᠤ ᠭᠡᠮᠵᠢᠶ᠎ᠡ ᠪᠠᠷ ᠦᠵᠡᠨ ᠭᠠᠷᠴᠤ ᠪᠣᠯᠤᠨ᠎ᠠ᠃ ᠴᠠᠭ ᠤᠨ ᠬᠠᠷᠠᠭ᠎ᠠ᠂ ᠮᠡᠳᠡᠯᠭᠡ ᠶᠢᠨ ᠭᠢᠵᠠᠭᠠᠷ ᠡᠴᠡ ᠪᠣᠯᠵᠤ ᠱᠠᠩᠨᠠᠯ ᠣᠯᠤᠭᠰᠠᠨ ᠪᠦᠳᠦᠭᠡᠯ ᠪᠦᠭᠦᠨ ᠳᠤ ᠦᠵᠡᠯᠳᠠ ᠪᠣᠳᠤᠯ ᠶᠢᠡᠨ ᠳᠡᠯᠭᠡᠵᠤ ᠴᠢᠳᠠᠭ᠎ᠠ ᠦᠭᠡᠶ᠃ 《ᠦᠣᠷ ᠤᠨ ᠴᠤᠯᠮᠤᠨ》 ᠰᠡᠳᠭᠦᠯ ᠤᠨ ᠭᠠᠭᠴᠠᠬᠠᠨ ᠡᠨᠡ ᠳ᠋ᠤᠭᠠᠷ ᠡᠴᠡ ᠥᠵᠡᠭᠦ ᠳᠤ ᠴᠤ ᠤᠢ᠌ᠷᠠᠤᠨ ᠮᠤᠩᠭ᠋ᠤᠯ ᠤᠨ ᠢᠷᠠᠭᠤ ᠨᠠᠢ᠌ᠷᠠᠭ ᠤᠨ ᠮᠠᠷᠭᠠᠰᠢ ᠭᠡᠭᠡᠨ ᠰᠠᠷᠠᠭᠤᠯ ᠭᠡᠳᠡᠭ᠌ ᠢ ᠪᠠᠷᠳᠠᠮ ᠭᠡᠷᠡᠴᠢᠯᠡᠵᠤ ᠪᠠᠢ᠌ᠨ᠎ᠠ᠃
ᠳᠠᠰᠢᠷᠠᠮ ᠳᠤ ᠨᠢ ᠭᠡᠯᠡᠭᠦ ᠳᠤ 《ᠦᠣᠷ ᠤᠨ ᠴᠤᠯᠮᠤᠨ》 ᠰᠡᠳᠭᠦᠯ ᠤᠨ 2013 ᠣᠨ ᠤ ᠪᠦᠭᠦ ᠳ᠋ᠤᠭᠠᠷ ᠢ ᠠᠯᠳᠠᠯ ᠦᠭᠡᠶ ᠠᠮᠳᠠᠷᠬᠠᠨ ᠣᠩᠰᠢᠯ᠎ᠠ᠃ ᠣᠷᠤᠨ ᠨᠤᠳᠤᠭ ᠤᠨ ᠦᠨᠦᠷ ᠠᠮᠳᠠ ᠲᠡᠶ᠂ ᠦᠪᠡᠷ ᠤᠨ ᠭᠡᠰᠡᠨ ᠣᠠᠴᠠᠯᠢᠭ ᠲᠡᠶ᠂ ᠡᠯᠪᠠᠭ᠌ ᠪᠠᠶᠠᠯᠢᠭ ᠠᠭᠤᠯᠭ᠎ᠠ ᠲᠡᠶ᠂ ᠴᠢᠨᠠᠷᠯᠢᠭ ᠮᠦᠷᠳᠡᠭᠡᠨ ᠰᠤᠨᠢᠷᠬᠠᠯᠳᠠᠢ ᠰᠡᠳᠭᠦᠯ ᠪᠠᠢ᠌ᠨ᠎ᠠ᠃ ᠢᠯᠠᠩᠭ᠋ᠤᠶ᠎ᠠ ᠣᠷᠤᠨ ᠨᠤᠳᠤᠭ ᠤᠨ ᠵᠤᠬᠢᠶᠠᠯᠴᠢᠳ ᠶᠢᠡᠨ ᠭᠦᠮᠦᠵᠢᠭᠦᠯᠤᠨ ᠪᠣᠯᠪᠠᠰᠤᠷᠠᠭᠤᠯᠬᠤ ᠪᠠᠷ ᠣᠷᠢᠳᠠᠯ ᠪᠣᠯᠭᠠᠵᠤ᠂ ᠠᠪᠢᠶᠠᠰ ᠪᠢᠯᠢᠭ᠍ᠳᠡᠨ ᠶᠢᠡᠨ ᠳᠠᠨᠢᠨ ᠢᠯᠡᠷᠡᠭᠦᠯᠵᠤ᠂ ᠵᠤᠷᠢᠭᠵᠢᠭᠤᠯᠤᠨ ᠣᠷᠮᠠᠰᠢᠭᠤᠯᠵᠤ ᠪᠠᠢ᠌ᠭ᠎ᠠ ᠨᠢ ᠰᠡᠳᠭᠢᠯ ᠳᠤ ᠮᠠᠰᠢ ᠳᠠᠭᠠᠯᠠᠭᠳᠠᠯᠠ᠃
ᠵᠤᠬᠢᠶᠠᠭᠴᠢ᠄ ᠯ·ᠣᠳᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠥᠭᠥᠯᠡᠯ ᠰᠢᠭᠦᠮᠵᠢᠳᠠᠷᠤᠮ᠄ 66637
ᠴᠠᠭ᠄ 2014 ᠤᠨ ᠤ 05 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ