☆ ᠪᠠ᠊·ᠷᠢᠠᠴᠢᠨ
ᠴᠠᠭᠢᠯᠳᠠᠭ ᠳᠡᠭᠦᠯᠡ (ᠬᠡᠦᠬᠡᠳ ᠤᠨ ᠪᠠᠶᠠᠷ ᠳᠤ)
ᠵᠥᠭᠡᠯᠡᠨ ᠪᠣᠷᠤᠭᠠᠨ
ᠵᠦᠰᠠᠷᠠᠯᠠ᠂
ᠵᠥᠯᠭᠡ ᠶᠢᠨ ᠴᠠᠭᠢᠯᠳᠠᠭ
ᠲ᠋ᠡᠯᠭᠡᠷᠡᠯᠡ᠃
ᠭᠠᠩ ᠬᠤᠷ᠎ᠠ
ᠭᠡᠭᠦ ᠥᠭᠡᠢ
ᠭᠠᠯ ᠣᠰᠤ
ᠲ᠋ᠤᠩᠭ᠋ᠠᠭᠠᠬᠤ ᠥᠭᠡᠢ
ᠭᠠᠵᠠᠷ ᠨᠤᠳᠤᠭ
ᠢᠯᠭᠠᠬᠤ ᠥᠭᠡᠢ
ᠭᠠᠢ ᠭᠠᠮᠰᠢᠭ
ᠣᠢ᠌ᠰᠢᠶᠠᠬᠤ ᠥᠭᠡᠢ
ᠭᠠᠯᠠᠪ ᠳᠢᠪ
ᠱᠠᠳᠤᠯᠠᠬᠤ ᠥᠭᠡᠢ
ᠭᠠᠷ ᠭᠠᠠᠵᠤᠭ᠎ᠠ
ᠬᠠᠷᠠᠬᠤ ᠥᠭᠡᠢ
ᠭᠠᠯ ᠭᠦᠭᠡ ᠪᠠᠨ
ᠭᠠᠩᠳᠠᠬᠤ ᠥᠭᠡᠢ
ᠭᠠᠠᠳᠢᠭ ᠴᠢᠨᠠᠷ ᠵᠢᠠᠷ
ᠢᠷᠭᠣᠢ᠌ᠯᠠᠯᠠ᠃
ᠣᠯᠠᠪᠢᠷ ᠳᠤᠶᠠᠭ᠎ᠠ
ᠰᠠᠴᠤᠷᠠᠯ᠎ᠠ᠂
ᠣᠷᠭᠤᠭ᠎ᠠ ᠴᠠᠭᠢᠯᠳᠠᠭ
ᠮᠦᠰᠢᠶᠠᠯᠠ᠃
ᠴᠡᠯᠡᠭᠡᠷ ᠨᠤᠳᠤᠭ ᠤᠨ
ᠬᠠᠩᠭ᠋ᠠᠢ ᠪᠠᠷ
ᠴᠠᠭᠢᠯᠳᠠᠭ ᠳᠡᠭᠦᠯᠡ
ᠬᠡᠦᠬᠡᠳ ᠤᠳ ᠮᠢᠨᠢ︕
ᠭᠦᠭᠡ ᠳᠤᠯᠪᠣᠳᠤ ᠯᠠ ᠪᠣᠯ
ᠲ᠋ᠠᠢ᠌ᠮᠤ ᠡ
ᠴᠢᠨᠤ ᠮᠢᠨᠤᠭᠢ
ᠭᠡᠭᠦ ᠥᠭᠡᠢ
ᠴᠡᠭᠡᠷ ᠬᠤᠷᠢᠭ᠎ᠠ
ᠪᠠᠢ᠌ᠬᠤ ᠥᠭᠡᠢ
ᠴᠢᠮᠭᠢ ᠴᠢᠮᠭᠢ ᠪᠠᠷ
ᠲ᠋ᠡᠭᠦᠯᠡ ᠁
ᠣᠬᠠᠭᠠᠨ ᠳ᠋ᠤ
ᠭᠡᠭᠡ ᠠᠪ᠂
ᠣᠷᠭᠤᠮᠠᠯ ᠳ᠋ᠤ
ᠣᠪᠣᠭ ᠠᠪ᠃
ᠴᠠᠭᠢᠯᠳᠠᠭ ᠰᠢᠭ ᠭᠦᠭᠡ ᠣᠷᠭᠤᠶ᠎ᠠ
ᠴᠢᠨᠠᠷ ᠣᠩᠭ᠋ᠤᠬᠤ ᠥᠭᠡᠢ
ᠦᠶ᠎ᠡ ᠣᠯᠠᠷᠢᠨ ᠣᠷᠭᠤᠶ᠎ᠠ
ᠦᠨᠳᠦᠰᠦ ᠬᠠᠳᠬᠤᠨ ᠣᠷᠭᠤᠶ᠎ᠠ
ᠳᠦᠷᠪᠠᠨ ᠣᠯᠠᠷᠢᠯ ᠳ᠋ᠤ
ᠳᠦᠭᠦᠷᠡᠩ ᠣᠷᠭᠤᠶ᠎ᠠ
ᠦᠷ᠎ᠡ ᠬᠡᠦᠬᠡᠳ ᠤᠳ ᠮᠢᠨᠢ︕
ᠵᠤᠬᠢᠶᠠᠭᠴᠢ ᠶᠢᠨ ᠬᠠᠶᠢᠭ ᠄ ᠣᠯᠠᠭᠠᠠᠴᠠᠪ ᠬᠤᠳᠠ ᠶᠢᠨ ᠳᠦᠷᠪᠠᠤᠨ ᠬᠤᠰᠢᠭᠤᠨ ᠤ ᠰᠤᠷᠭᠠᠨ ᠭᠦᠮᠦᠵᠢᠯ ᠤᠨ ᠳᠤᠪᠴᠢᠶ᠎ᠠ ᠶᠢᠨ ᠵᠢᠭᠠᠨ ᠰᠤᠷᠭᠠᠯᠳᠠ ᠶᠢᠨ ᠰᠤᠳᠤᠯᠭᠠᠨ ᠤ ᠳᠠᠰᠤᠭ
ᠵᠤᠬᠢᠶᠠᠭᠴᠢ᠄ ᠪᠠ᠊·ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2643
ᠴᠠᠭ᠄ 2011 ᠤᠨ ᠤ 05 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ