☆ ᠳ᠋·ᠪᠦᠷᠢᠨᠲᠤᠤᠭᠲᠠᠬᠤ
ᠨᠠᠳᠠ ᠶᠢ ᠰᠠᠨᠠᠵᠤ ᠣᠯᠬᠤ ᠥᠭᠡᠢ
ᠴᠢᠮ᠎ᠠ ᠳᠠᠭᠠᠨ ᠦᠭᠭᠦᠶ᠎ᠡ ᠭᠡᠰᠡᠨ ᠨᠢᠭᠤᠴᠠᠬᠠᠨ ᠬᠠᠢ᠌ᠷ᠎ᠠ ᠪᠠᠨ
ᠴᠡᠩᠭᠡᠷ ᠠᠭᠤᠯᠠᠰ ᠤᠨ ᠣᠷᠤᠢ ᠳᠡᠭᠡᠭᠦᠷ ᠨᠡᠭᠦᠭᠡᠳ ᠢᠷᠡᠭᠦ
ᠴᠠᠭᠠᠨ ᠡᠭᠦᠯᠡᠨ ᠳᠤ ᠰᠢᠩᠭᠡᠭᠡᠭ᠍ᠰᠡᠨ ᠶᠤᠮ
ᠳᠠᠷᠠ ᠰᠠᠢ᠌ᠬᠠᠨ ᠡᠭᠦᠯᠡ ᠮᠢᠨᠢ
ᠴᠢᠨᠤ ᠨᠤᠳᠤᠭ ᠲᠤ ᠭᠦᠷᠴᠤ
ᠰᠠᠬᠤᠯᠠᠭ ᠨᠤᠭᠤᠭᠠᠨ ᠮᠤᠳᠤᠳ ᠤᠨ ᠨᠠᠪᠴᠢ ᠪᠦᠭᠦᠨ ᠳᠡᠭᠡᠷ᠎ᠡ
ᠪᠣᠷᠤᠭᠠᠨ ᠪᠣᠯᠵᠤ ᠣᠨᠠᠨ᠎ᠠ
ᠰᠠᠷᠠᠨ ᠤ ᠭᠡᠷᠡᠯ ᠲᠡᠶ ᠬᠤᠯᠢᠯᠳᠤᠵᠤ ᠴᠡᠴᠡᠭ᠌ ᠪᠦᠭᠦᠨ ᠤ ᠳᠠᠯᠪᠢᠨ ᠳᠡᠭᠡᠷ᠎ᠡ
ᠰᠢᠭᠦᠳᠡᠷᠢ ᠪᠣᠯᠵᠤ ᠣᠨᠠᠨ᠎ᠠ ᠁
ᠴᠢ ᠦᠷᠯᠦᠭᠡ ᠡᠷᠳᠡ ᠣᠠᠳᠠᠯᠭ᠎ᠠ ᠶᠢᠨ ᠬᠤᠪᠴᠠᠰᠤ ᠲᠡᠶ ᠪᠠᠷ
ᠴᠤᠩᠬᠤ ᠪᠠᠨ ᠨᠡᠭᠡᠭᠡᠨ᠎ᠡ
ᠥᠶᠡᠯᠵᠡᠭ᠍ᠰᠡᠨ ᠵᠥᠭᠡᠯᠡᠨ ᠵᠢᠪᠠᠷ ᠨᠠᠳᠠ ᠶᠢ ᠣᠷᠤᠯᠠᠵᠤ
ᠴᠢᠮ᠎ᠠ ᠶᠢ ᠦᠨᠦᠰᠤᠨ᠎ᠠ
ᠴᠢ ᠭᠦᠭᠡᠷᠦᠭᠦᠨ ᠡᠪᠰᠢᠶᠡᠵᠤ
ᠡᠨᠡ ᠪᠦᠭᠦᠨ ᠢ ᠦᠯᠦ ᠮᠠᠳᠠᠨ᠎ᠠ
ᠪᠣᠷᠤᠭᠠᠨ ᠳᠤ ᠣᠭᠢᠶᠠᠭᠳᠠᠭᠰᠠᠨ ᠨᠠᠪᠴᠢᠰ ᠪᠠ
ᠪᠦᠮᠪᠦᠭᠡᠨᠡᠭ᠍ᠰᠡᠨ ᠰᠢᠭᠦᠳᠡᠷᠢ ᠲᠡᠶ ᠴᠡᠴᠡᠭᠡᠰ ᠢ ᠬᠠᠷᠠᠭᠰᠠᠨ ᠴᠤ
ᠨᠠᠮ᠎ᠠ ᠶᠢ ᠡᠰᠡ ᠰᠠᠨᠠᠵᠤ ᠣᠯᠤᠨ᠎ᠠ ᠡ ᠁
ᠵᠤᠬᠢᠶᠠᠭᠴᠢ ᠶᠢᠨ ᠬᠠᠶᠢᠭ ᠄ ᠪᠠᠭᠠᠷᠢᠨ ᠤ ᠪᠠᠢ᠌ᠰᠢᠩᠳᠤ
ᠵᠤᠬᠢᠶᠠᠭᠴᠢ᠄ ᠳ᠋·ᠪᠦᠷᠢᠨᠲᠤᠤᠭᠲᠠᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2646
ᠴᠠᠭ᠄ 2011 ᠤᠨ ᠤ 07 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ