ᠨᠡᠪᠲᠡᠷᠡᠨ ᠤᠷᠤᠬᠤ
ᠮᠢᠨᠤ ᠣᠮᠤᠭᠰᠢᠯ

ᠪᠣᠳᠠᠠᠴᠢᠷ ᠮᠤᠩᠬᠠᠭ ᠤᠨ

ᠪᠣᠴᠠᠯᠤᠭᠰᠠᠨ ᠴᠢᠰᠤᠨ

ᠪᠣᠷᠵᠢᠭᠢᠨ ᠣᠪᠣᠭ ᠮᠢᠨᠤ ᠣᠮᠤᠭᠰᠢᠯ

ᠪᠣᠭᠳᠠ ᠴᠢᠩᠭᠢᠰ ᠤᠨ

ᠪᠣᠴᠠᠯᠤᠭᠰᠠᠨ ᠰᠦᠰᠦ

ᠪᠣᠰᠤᠭ᠎ᠠ ᠳᠡᠦᠭᠡ ᠮᠢᠨᠤ ᠣᠮᠤᠭᠰᠢᠯ

ᠥᠡᠳᠦᠷᠯᠢᠭ᠌ ᠤᠨ ᠰᠠᠯᠭᠢ ᠪᠠᠷ

ᠦᠨᠢᠳᠠ ᠮᠥᠩᠭᠡᠷᠡᠭ᠍ᠰᠡᠨ

ᠦᠪᠣᠷ ᠮᠤᠩᠭ᠋ᠤᠯ ᠮᠢᠨᠤ ᠣᠮᠤᠭᠰᠢᠯ

ᠮᠤᠷᠢᠳᠠᠨ ᠤ ᠬᠡᠢ᠌ᠮᠤᠷᠢ ᠶᠢ

ᠮᠥᠩᠭᠡᠳᠡ ᠬᠤᠷᠣᠢ᠌ᠯᠠᠭᠰᠠᠨ

ᠮᠥᠩᠭᠡ ᠭᠠᠯ ᠮᠢᠨᠤ ᠣᠮᠤᠭᠰᠢᠯ

ᠬᠤᠶᠠᠷᠬᠠᠨ ᠣᠳᠠᠰᠤᠨ ᠳᠤ

ᠬᠤᠷᠸ᠎ᠠ ᠬᠤᠷᠭᠤᠳᠠᠭᠤᠯᠤᠭᠰᠠᠨ

ᠮᠤᠷᠢᠨ ᠬᠤᠭᠤᠷ ᠮᠢᠨᠤ ᠣᠮᠤᠭᠰᠢᠯ

ᠬᠤᠪᠳᠤᠯ ᠳᠤ ᠬᠤᠨᠤᠭᠰᠢᠮ᠎ᠠ

ᠬᠤᠭᠤᠷ ᠤᠨ ᠥᠯᠢᠭᠡᠷ

ᠬᠤᠷᠴᠢᠨ ᠨᠤᠳᠤᠭ ᠮᠢᠨᠤ ᠣᠮᠤᠭᠰᠢᠯ

ᠪᠦᠮᠪᠦᠷᠴᠡᠭ᠌ ᠤᠨ ᠡᠯᠢᠭᠡᠨ ᠳᠤ

ᠪᠦᠯᠭᠦᠮᠳᠡᠯ ᠳᠠᠮᠠᠭᠠᠯᠠᠭᠰᠠᠨ

ᠣᠪᠣᠭᠠᠨ ᠴᠢᠯᠠᠭᠤ ᠮᠢᠨᠤ ᠣᠮᠤᠭᠰᠢᠯ

ᠭᠦᠷᠦᠰᠦᠳᠤ ᠳᠡᠯᠡᠭᠡᠢ ᠳᠤ

ᠳᠤᠮᠤᠭ ᠬᠠᠩᠭᠢᠨᠠᠭᠤᠯᠤᠭᠰᠠᠨ

ᠭᠦᠭᠡᠮᠡᠢ ᠶᠢᠨ ᠡᠭᠡᠰᠢᠭ᠌ ᠮᠢᠨᠤ ᠣᠮᠤᠭᠰᠢᠯ

ᠳᠠᠪᠤᠨ ᠮᠦᠰᠤ ᠶᠢᠨ

ᠭᠦᠨ ᠣᠬᠠᠭᠠᠨ

ᠳᠡᠭ᠍ᠷᠢᠯᠢᠭ᠌ ᠰᠤᠷᠭᠠᠯ ᠮᠢᠨᠤ ᠣᠮᠤᠭᠰᠢᠯ

ᠳᠤᠧᠨ ᠰᠤᠬᠤᠷ ᠤᠨ

ᠭᠠᠭᠴᠠᠬᠠᠨ ᠮᠠᠯᠮᠠᠢ ᠪᠠᠷ

ᠢᠷᠡᠭᠡᠳᠦᠢ ᠬᠠᠷᠠᠭᠠᠯᠠᠬᠤ ᠮᠢᠨᠤ ᠣᠮᠤᠭᠰᠢᠯ

ᠳᠢᠪ ᠰᠤᠠᠳᠠᠯᠠᠭᠰᠠᠨ

ᠳᠡᠨᠢᠭᠡᠷ ᠵᠤᠷᠢᠭ

ᠬᠠᠩᠭ᠋ᠠᠢ ᠳᠡᠷᠭᠡ ᠮᠢᠨᠤ ᠣᠮᠤᠭᠰᠢᠯ

ᠶ‍ᠢᠷᠳᠢᠠᠴᠤ ᠶᠢᠨ ᠦᠨᠡᠨ ᠢ

ᠬᠠᠭᠠᠰᠯᠠᠭᠰᠠᠨ ᠳᠤᠮᠢᠶ᠎ᠠ

ᠬᠠᠷ᠎ᠠ ᠴᠠᠭᠠᠨ ᠰᠦᠯᠳᠡ ᠮᠢᠨᠤ ᠣᠮᠤᠭᠰᠢᠯ

ᠲᠦᠷᠦᠯᠭᠢ ᠭᠡᠯᠡ ᠪᠠᠨ

ᠬᠡᠦᠬᠡᠳ ᠲᠤ ᠪᠠᠨ ᠣᠳᠤᠮᠯᠠᠭᠰᠠᠨ

ᠮᠤᠩᠭ᠋ᠤᠯ ᠠᠷᠠᠤᠨ ᠮᠢᠨᠤ ᠣᠮᠤᠭᠰᠢᠯ

ᠳᠡᠦᠭᠡ ᠰᠤᠶᠤᠯ ᠶᠢᠠᠨ

ᠳᠡᠭᠡᠳᠦᠯᠡᠨ ᠬᠠᠢ᠌ᠯᠠᠭᠰᠠᠨ

ᠣᠶᠤᠠᠳᠤ ᠪᠢᠯᠢᠭ᠍ᠳᠡᠨ ᠮᠢᠨᠤ ᠣᠮᠤᠭᠰᠢᠯ

ᠵᠤᠬᠢᠶᠠᠭᠴᠢ᠄ ᠪᠣᠷᠵᠢᠭᠢᠨ ᠰᠦᠶ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3174
ᠴᠠᠭ᠄ 2009 ᠤᠨ ᠤ 04 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ