☆ ᠡᠷᠭᠢᠮᠰᠦᠭ᠌
ᠠᠶᠠᠨ ᠳ᠋ᠤ
ᠠᠷᠮᠠᠭ ᠭᠦᠯᠦᠭ᠌ ᠮᠢᠨᠢ ᠤᠢ᠌ᠷᠬᠠᠨ ᠴᠤ ᠪᠠᠢ᠌ᠳᠠᠭ ᠪᠣᠯ
ᠠᠯᠤᠰ ᠢ ᠵᠤᠷᠢᠨ ᠳᠠᠰᠢᠭᠤᠷ ᠦᠭᠭᠦᠶ᠎ᠡ᠂
ᠠᠮᠢᠳᠤᠷᠠᠯ ᠤᠨ ᠴᠥᠭᠦᠷᠡᠯ ᠢ ᠡ᠊ᠨᠳᠡ ᠣᠷᠭᠢᠵᠤ
ᠠᠰ ᠴᠢᠭ᠌ ᠲᠡᠭᠡᠨ ᠮᠤᠷᠳᠠᠨ ᠠᠷᠢᠯᠤᠶᠠ᠃
ᠥᠯᠢᠶᠡᠭᠦ ᠰᠠᠯᠭᠢᠨ ᠳᠤ ᠦᠰᠤ ᠪᠠᠨ ᠨᠠᠮᠢᠷᠠᠭᠤᠯᠵᠤ
ᠥᠩᠭᠡᠳᠤ ᠴᠡᠴᠡᠭᠡᠰ ᠲᠤ ᠳᠤᠭᠤᠰᠤ ᠪᠠᠨ ᠥᠯᠡᠳᠡᠭᠡᠵᠤ
ᠦᠴᠦᠭᠡᠳᠦᠷ ᠤᠨ ᠭᠦᠨᠢᠭ᠂ ᠡᠰᠡᠭᠦᠯ᠎ᠡ ᠴᠡᠩᠭᠡᠯ ᠢ
ᠦᠨᠦᠳᠤᠷ ᠤᠨ ᠰᠢᠪᠠᠭᠤᠳ ᠲᠡᠶ ᠴᠤᠭ ᠨᠢᠰᠭᠡᠵᠤ᠂
ᠳᠤᠪᠳᠤᠯᠠᠬᠤ ᠮᠤᠷᠢᠨ ᠤ ᠳᠤᠭᠤᠷᠠᠢ ᠵᠢ
ᠳᠤᠭᠳᠤᠯᠠᠬᠤ ᠵᠢᠷᠦᠭᠡ ᠲᠡᠶ ᠣᠷᠤᠯᠳᠠᠭᠤᠯᠵᠤ
ᠳᠤᠮᠤᠭ ᠤᠨ ᠶᠢᠷᠳᠢᠠᠴᠤ ᠶᠢ ᠮᠦᠷᠦᠭᠡᠳᠤᠨ ᠪᠠᠢ᠌ᠵᠤ
ᠳᠤᠷᠤᠨ᠎ᠠ ᠵᠥᠭ᠌ ᠣᠷᠤᠭᠤ ᠬᠤᠷᠳᠤᠯᠠᠨ᠎ᠠ᠃
ᠡᠷᠳᠡᠨᠢ ᠶᠢᠨ ᠰᠢᠳ᠋ ᠶᠢ ᠣᠯᠤᠭᠠᠤᠨ ᠠᠳᠬᠤᠭᠰᠠᠨ ᠮᠠᠳᠤ
ᠡᠮᠡᠭᠡᠯ ᠳᠡᠭᠡᠷ᠎ᠡ ᠳᠤᠭᠳᠠᠵᠤ ᠶᠠᠳᠠᠨ ᠪᠦᠭᠦᠢᠵᠤ
ᠡᠷ᠎ᠡ ᠴᠡᠭᠡᠵᠢᠨ ᠳᠤ ᠪᠦᠭᠡᠮ ᠪᠠᠶᠠᠷ ᠳᠦᠭᠦᠯᠵᠡᠭᠦᠯᠵᠤ
ᠡᠷᠭᠡ ᠴᠢᠯᠦᠭᠡ ᠶᠢ ᠭᠠᠠᠵᠤᠭᠠᠯᠠᠵᠤ ᠶᠠᠪᠣᠨ᠎ᠠ᠃
ᠵᠤᠬᠢᠶᠠᠭᠴᠢ ᠶᠢᠨ ᠬᠠᠶᠢᠭ ᠄ ᠳᠦᠷᠪᠠᠤᠨ ᠬᠤᠰᠢᠭᠤ
ᠵᠤᠬᠢᠶᠠᠭᠴᠢ᠄ ᠡᠷᠭᠢᠮᠰᠦᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2645
ᠴᠠᠭ᠄ 2012 ᠤᠨ ᠤ 04 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ