ᠨᠡᠪᠲᠡᠷᠡᠨ ᠤᠷᠤᠬᠤ
ᠨᠤᠳᠤᠭ ᠊᠊᠊᠊᠊᠊᠊᠊᠊᠊᠊᠊᠊᠊᠊ ᠠᠮᠢ

ᠭᠢᠯᠭᠠᠨ᠎ᠠ ᠶᠢᠨ ᠪᠣᠳᠠ ᠶᠤᠵᠤᠭᠠᠷᠠᠭᠰᠠᠨ ᠳᠠᠯ᠎ᠠ ᠪᠠᠨ

ᠠᠳᠤᠭᠤᠳ ᠴᠠᠪᠴᠢᠯᠠᠵᠤ ᠵᠢᠷᠦᠭᠡᠯᠡᠭᠦ ᠥᠭᠡᠢ

ᠬᠤᠷᠳᠤᠨ ᠤ ᠮᠠᠩᠯᠠᠢ ᠶᠢ ᠠᠯᠤᠰ ᠡᠴᠡ ᠵᠠᠭᠢᠶᠠᠯᠠᠬᠤ ᠳ᠋ᠤ

ᠠᠪᠣ ᠪᠣᠭᠤᠷᠤᠯ ᠤᠳ ᠳᠤᠭᠤᠬᠤ ᠥᠭᠡᠢ

ᠰᠢᠪᠠᠭᠤᠳ ᠨᠢ ᠠᠯᠠᠭ᠎ᠠ ᠭᠦᠳᠡᠭᠡ ᠨᠠᠭᠤᠷ ᠳᠤ

ᠰᠢᠩᠬᠤᠨ ᠣᠯᠠᠭᠠᠨ ᠨᠠᠷᠠ ᠳᠠᠷᠰᠠᠢ᠌ᠨ ᠬᠠᠭᠠᠷᠠᠵᠠᠢ

ᠠᠷᠭᠠᠯ ᠬᠠᠳᠠᠭᠠᠳᠠᠭ ᠦᠭᠡᠶ ᠵᠤᠨ ᠤ ᠪᠣᠷᠤᠭ᠎ᠠ

ᠠᠷᠤ ᠭᠠᠵᠠᠷ ᠤᠨ ᠳᠤᠮᠤᠭ ᠪᠣᠯᠵᠠᠢ

ᠬᠠᠢ᠌ᠷᠬᠠᠨ ᠠᠭᠤᠯᠠᠰ ᠨᠢ ᠦᠪᠴᠢ ᠳᠡᠭᠡᠨ ᠣᠯᠠᠢ᠌ᠨ

ᠬᠤᠷᠮᠤᠢ ᠵᠢᠯᠠᠭ᠎ᠠ ᠶᠢᠨ ᠭᠢᠨ ᠬᠤᠵᠤᠭᠤᠯ ᠬᠤᠷᠰᠢᠨ

ᠬᠠᠢ᠌ᠷ ᠴᠢᠯᠠᠭᠤ ᠨᠢ ᠰᠠᠯᠭᠢ ᠭᠦᠯᠦᠭᠯᠡᠨ ᠳᠡᠭ᠍ᠳᠡᠭᠡᠳ

ᠬᠣᠢ᠌ᠳᠤᠨ ᠬᠠᠪᠣᠷ ᠨᠢ ᠠᠭᠤᠯᠠᠰ ᠬᠠᠭᠵᠢᠷᠠᠵᠠᠢ

ᠨᠠᠷᠠ ᠰᠢᠵᠢᠷᠳᠡᠳᠡᠭ ᠣᠰᠤᠨ ᠤ ᠢᠷᠤᠭᠠᠷ ᠲᠤ ᠨᠢ

ᠨᠠᠷᠢᠨ ᠭᠢᠯᠭᠠᠰᠤᠨ ᠵᠢᠭᠠᠰᠤᠨ ᠤ ᠪᠠᠷ᠎ᠠ ᠴᠤ ᠥᠭᠡᠢ

ᠨᠢ᠋ᠮᠠᠨ ᠵᠤᠪᠭᠢᠰ ᠤᠨ ᠳᠠᠩᠰᠤᠭ ᠡᠷᠳᠡᠨᠢ

ᠨᠠᠯᠠᠭᠠᠷ ᠡᠭᠡ ᠣᠷᠤᠨ ᠮᠢᠨᠢ ᠭᠠᠩᠳᠠᠵᠤ ᠪᠣᠯᠬᠤ ᠥᠭᠡᠢ

ᠵᠤᠷᠢᠭ ᠠᠯᠳᠠᠵᠤ ᠪᠣᠯᠬᠤ ᠦᠭᠡᠶ ᠡᠪᠦᠭᠡᠳ ᠤᠨ ᠢᠳᠡᠭᠡᠯ ᠵᠢᠠᠷ

ᠵᠠᠭᠤᠨ ᠳᠠᠭᠤᠯᠤᠭᠰᠠᠨ ᠭᠦᠮᠤᠨ ᠴᠢᠯᠠᠭᠤ ᠮᠢᠨᠢ

ᠳᠦᠯᠵᠢᠨ ᠴᠡᠴᠡᠭᠯᠡᠭᠦ ᠠᠮᠢ ᠡᠷᠳᠡᠨᠢ ᠶᠢᠨ ᠳᠦᠯᠦᠭᠡ

ᠳᠡᠭ᠍ᠷᠢ ᠲᠡᠶ ᠰᠠᠴᠠᠭᠤᠬᠠᠨ ᠨᠠᠰᠤᠯᠠᠭᠰᠠᠭᠠᠷ ᠪᠠᠢ᠌ᠨ᠎ᠠ᠃


ᠵᠤᠬᠢᠶᠠᠭᠴᠢ ᠶᠢᠨ ᠬᠠᠶ‍ᠢᠭ ᠄ ᠵᠡᠭᠦᠨ ᠦᠵᠦᠮᠤᠴᠢᠨ ᠬᠤᠰᠢᠭᠤᠨ ᠤ ᠮᠤᠩᠭ᠋ᠤᠯ ᠪᠠᠭ᠎ᠠ ᠰᠤᠷᠭᠠᠭᠤᠯᠢ

ᠵᠤᠬᠢᠶᠠᠭᠴᠢ᠄ ᠳ·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2637
ᠴᠠᠭ᠄ 2010 ᠤᠨ ᠤ 01 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ