ᠨᠡᠪᠲᠡᠷᠡᠨ ᠤᠷᠤᠬᠤ
ᠬᠠᠷᠠᠩᠭ᠋ᠤᠢ ᠶᠢᠨ ᠳᠤᠮᠳᠠ ᠰᠢᠳᠠᠵᠤ ᠰᠠᠭᠤᠯ᠎ᠠ


ᠬᠠᠷᠠᠩᠭ᠋ᠤᠢ ᠦᠳᠡᠰᠢ

ᠭᠡᠷ ᠤᠨ ᠬᠣᠢ᠌ᠮᠤᠷ ᠳᠤ

ᠭᠠᠭᠴᠠᠭᠠᠷ ᠶᠢᠡᠷ ᠶᠢᠡᠨ ᠪᠢ

ᠰᠢᠳᠠᠵᠤ ᠯᠠ ᠰᠠᠭᠤᠯ᠎ᠠ


ᠴᠢᠮᠢ᠋ᠢ ᠰᠠᠨᠠᠭᠰᠠᠨ

ᠮᠦᠷᠦᠭᠡᠳᠦᠯ ᠶᠢᠡᠨ ᠰᠢᠭᠤᠯᠠᠵᠤ

ᠭᠠᠯ ᠦᠷᠳᠤᠵᠤ

ᠳᠦᠷᠠᠯᠵᠠᠵᠤ ᠯᠠ ᠰᠠᠭᠤᠯ᠎ᠠ


ᠥᠰᠦᠷᠦᠭ᠍ᠰᠡᠨ ᠣᠴᠢ

ᠬᠠᠷᠠᠩᠭ᠋ᠤᠢ ᠶᠢ ᠰᠦᠯᠠᠵᠤ

ᠦᠨᠦᠴᠢᠨ ᠵᠢᠷᠦᠭᠡ ᠶᠢ ᠮᠢᠨᠢ ᠰᠦᠯᠠᠵᠤ

ᠦᠷᠯᠦᠭᠡ ᠶᠢ ᠰᠦᠯᠠᠵᠤ ᠪᠠᠢ᠌ᠯ᠎ᠠ


ᠮᠠᠠᠳᠤᠭᠰᠠᠨ ᠨᠠᠷᠠ

ᠴᠤᠩᠬᠤ ᠪᠠᠷ ᠣᠷᠤᠵᠤ ᠢᠷᠡᠭᠡᠳ

ᠬᠦᠩᠭᠡᠨ ᠰᠢᠷᠬ᠎ᠠ ᠶᠢ ᠮᠢᠨᠢ

ᠭᠦᠪᠦᠷᠢᠳᠡᠵᠤ ᠦᠭ‍ᠭᠦᠯ᠎ᠡ


        ᠨᠠᠮᠤᠷ ᠤᠨ ᠣᠰᠤ


ᠨᠠᠮᠤᠷ ᠤᠨ ᠣᠰᠤ ᠴᠢᠨᠤ ᠨᠢᠳᠤ ᠰᠢᠭ᠌ ᠳᠤᠨᠤᠷᠠᠨ᠎ᠠ

ᠨᠠᠮᠢ᠋ᠢ ᠬᠠᠷᠠᠩᠬᠠᠨ ᠭᠤᠨᠢᠭᠳᠠᠢ᠌ᠬᠠᠨ ᠳᠠᠯᠮᠠᠢ᠌ᠷᠠᠨ᠎ᠠ

ᠨᠠᠮᠢ᠋ᠢ ᠪᠣᠷᠬᠠᠨ ᠴᠢ ᠵᠢᠭᠠᠰᠤ ᠭᠢᠵᠤ ᠣᠷᠭᠢᠬᠤ ᠴᠢᠨᠢ ᠶᠠᠭᠠᠭᠢᠨ᠎ᠠ

ᠨᠠᠮᠤᠷ ᠤᠨ ᠣᠰᠤ ᠳᠠᠭᠠᠵᠤ ᠪᠢ ᠠᠮᠠᠷᠠᠭ ᠲᠠᠭᠠᠨ ᠣᠴᠢᠬᠤ ᠶᠤᠮᠰᠠᠨ


ᠦᠳᠡᠰᠢ ᠶᠢᠨ ᠨᠠᠷᠠ ᠨᠠᠭᠤᠷ ᠤᠨ ᠣᠰᠤ ᠶᠢ ᠪᠣᠳᠤᠭᠯᠠᠨ᠎ᠠ

ᠦᠨᠡᠠᠴᠢ ᠠᠮᠠᠷᠠᠭ ᠤᠨ ᠮᠢᠨᠢ ᠭᠠᠯ ᠨᠢᠳᠤ ᠰᠢᠭ᠌ ᠳᠤᠸᠠᠯᠠᠨ᠎ᠡ


ᠦᠨᠦᠴᠢᠨ ᠵᠢᠷᠦᠭᠡ ᠮᠢᠨᠢ ᠬᠠᠢ᠌ᠷ᠎ᠠ ᠶᠢᠨ ᠭᠠᠯ ᠳᠤ ᠳᠤᠯᠠᠭᠠᠴᠠᠨ᠎ᠠ

ᠡᠨᠡ ᠨᠠᠮᠤᠷ ᠳᠤᠷᠠᠯᠠᠯ ᠤᠨ ᠵᠢᠷᠦᠭᠡ ᠪᠠᠷ ᠯᠤᠭᠰᠢᠨ᠎ᠠ


         ᠪᠢ


ᠪᠢ ᠰᠦᠨᠢ ᠶᠢᠨ ᠵᠠᠬ᠎ᠠ ᠦᠭᠡᠶ ᠰᠠᠮᠪᠠᠷ᠎ᠠ ᠳ᠋ᠤ

ᠮᠦᠷᠦᠭᠡᠳᠦᠯ ᠶᠢᠡᠨ ᠡᠷᠢᠶᠡᠴᠢᠵᠤ ᠰᠠᠭᠤᠬᠤ ᠳ᠋ᠤ

ᠴᠢ ᠰᠠᠷᠠᠨ ᠤ ᠠᠩᠭᠢᠷ ᠭᠡᠷᠡᠯ ᠣᠪᠵᠢᠵᠤ

ᠵᠡᠭᠦᠳᠤᠨ ᠤ ᠣᠳᠤ ᠳᠤᠭᠠᠯᠠᠵᠤ ᠰᠠᠭᠤᠪᠠᠤ


ᠪᠢ ᠥᠰᠦᠭ᠌ ᠤᠨ ᠱᠠᠳᠤ ᠪᠠᠷ ᠥᠭ᠍ᠰᠦᠵᠤ

ᠴᠢᠮ᠎ᠠ ᠳᠠᠭᠠᠨ ᠭᠦᠷᠦᠶ᠎ᠡ ᠭᠡᠰᠡᠨ ᠶᠤᠮ

ᠴᠢᠨᠤ ᠭᠦᠪᠠᠭᠡ ᠦᠭᠡᠶ ᠨᠡᠯᠦᠭᠡᠷ ᠳᠠᠯᠠᠢ ᠳ᠋ᠤ

ᠵᠢᠭᠠᠰᠤ ᠪᠣᠯᠵᠤ ᠰᠡᠯᠡᠭᠦ ᠴᠤ ᠊ᠭ᠍ᠰᠡᠨ ᠶᠤᠮ


ᠠᠢ ᠳ᠋ᠠ

ᠵᠢᠷᠦᠭᠡᠨ ᠤ ᠵᠢᠭᠠᠬᠠᠨ ᠰᠢᠪᠠᠭᠤᠬᠠᠢ ᠮᠢᠨᠢ

ᠵᠡᠭᠦᠳᠤᠨ ᠤ ᠭᠡᠭᠡᠨ ᠳᠠᠭᠢᠨᠢ ᠮᠢᠨᠢ

ᠦᠨᠦ ᠭᠦᠷᠳᠡᠯ᠎ᠡ ᠪᠢ

ᠡᠷᠢᠯ ᠤᠨ ᠵᠠᠮ ᠤᠨ ᠬᠤᠭᠤᠰ ᠲᠤ ᠳᠦᠭᠡᠷᠢᠭᠡ ᠲᠡᠶ ᠭᠡᠪ ᠳᠡᠭᠡᠨ



ᠵᠤᠬᠢᠶᠠᠭᠴᠢ ᠶᠢᠨ ᠬᠠ‍‌ᠶᠢᠭ ᠄ ᠰᠢᠠᠵᠢᠶᠠᠩ ᠢᠯᠢ ᠵᠸᠤ ᠶᠢᠨ ᠳᠤᠷᠰᠢᠯᠳᠠ ᠶᠢᠨ ᠳᠤᠮᠳᠠᠳᠤ ᠰᠤᠷᠭᠠᠭᠤᠯᠢ

ᠵᠤᠬᠢᠶᠠᠭᠴᠢ᠄ ᠭᠠᠩᠭ᠋᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2636
ᠴᠠᠭ᠄ 2010 ᠤᠨ ᠤ 10 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ