☆ ᠫᠣ·ᠰᠠᠨᠠᠭᠠᠷᠠᠪᠣᠤ
ᠭᠦᠯᠢᠶᠡᠯᠭᠡᠳᠡᠭ᠌ ᠴᠠᠭᠠᠨ ᠰᠠᠷ᠎ᠠ
ᠰᠢᠨ᠎ᠡ ᠵᠢᠯ ᠢᠷᠠᠵᠤ ᠦᠭᠭᠦ ᠦᠭᠡᠶ ᠰᠢᠨᠠᠯᠭᠠᠨ᠎ᠠ
ᠠᠵᠠᠢ ᠡᠴᠠ ᠠᠰᠠᠭᠤᠬᠤ ᠳᠤ
ᠤᠢ᠌ᠷᠠᠳᠴᠤ ᠪᠣᠢ ᠭᠡᠨ᠎ᠡ
ᠡᠵᠢ ᠡᠴᠠ ᠯᠠᠪᠯᠠᠬᠤ ᠳᠤ
ᠡᠨᠡᠦᠭᠡᠨ ᠳᠤ ᠭᠡᠨ᠎ᠡ
ᠭᠦᠯᠢᠶᠡᠳᠡᠭ᠌ ᠴᠠᠭᠠᠨ ᠰᠠᠷ᠎ᠠ
ᠭᠦᠯᠢᠶᠡᠯᠭᠡᠳᠡᠭ᠌ ᠴᠠᠭᠠᠨ ᠰᠠᠷ᠎ᠠ᠃
ᠬᠠᠭᠤᠴᠢᠨ ᠰᠤᠨᠢᠨ ᠶᠢᠡᠷ ᠣᠳᠤᠭᠠᠳᠤ ᠭᠡᠷ ᠶᠢᠡᠨ ᠨᠠᠭᠠᠭᠠᠤᠨ ᠢᠷᠡᠭ᠍ᠰᠡᠨ ᠦᠭᠡᠶ
ᠬᠤᠶᠠᠩ ᠰᠢᠷ᠎ᠠ ᠣᠰᠤ ᠰᠠᠭᠤᠳᠠᠯ᠎ᠠ ᠡᠵᠢ ᠮᠢᠨᠢ ᠣᠢ᠌ᠯᠠ ᠣᠳᠠᠰᠤ ᠭᠦᠪᠦᠷᠢᠳᠦᠭᠡᠳ ᠢᠷᠡᠭ᠍ᠰᠡᠨ ᠦᠭᠡᠶ
ᠬᠤᠷᠰᠢᠶᠠᠨ ᠡᠴᠠ ᠦᠪᠴᠢ ᠰᠢᠨ᠎ᠡ ᠬᠤᠪᠴᠠᠰᠤ ᠠᠪᠣᠭᠠᠤᠨ ᠴᠤ ᠢᠷᠡᠭ᠍ᠰᠡᠨ ᠦᠭᠡᠶ
ᠬᠤᠶᠠᠷ ᠳᠤᠤᠭᠠᠷᠬᠤ ᠫᠣᠤᠵᠢᠩ ᠪᠠᠯᠡᠳᠦᠭᠡᠳ ᠠᠶᠤᠭᠰᠠᠨ ᠦᠭᠡᠶ
ᠠᠷᠪᠠᠨ ᠭᠤᠷᠪᠠᠳᠠᠢ ᠭᠦᠤ ᠭᠦᠯᠢᠶᠡᠵᠤ ᠪᠠᠢ᠌ᠬᠤ ᠳᠤ ᠠᠵᠢᠭ ᠦᠭᠡᠶ
ᠠᠭᠰᠠᠭ᠎ᠠ ᠬᠠᠭᠤᠴᠢᠠᠳᠠᠢ ᠨᠠᠰᠤᠳᠠᠨ ᠶᠢᠡᠨ ᠣᠷᠢᠳᠠᠵᠤ ᠵᠢᠯ ᠵᠢᠷᠭᠢᠭᠦᠯᠦᠭᠡᠳ ᠳᠠᠯᠵᠢ ᠦᠭᠡᠶ
ᠠᠪᠠᠭᠠᠢ ᠭᠡᠦᠭᠡᠡᠴᠦᠳ ᠱᠠᠯᠪᠢᠩ ᠬᠠᠭᠠᠷᠢᠵᠤ ᠭᠦᠯᠢᠶᠡᠭᠡᠳ ᠤᠢ᠌ᠷᠠᠳᠤᠭᠰᠠᠨ ᠦᠭᠡᠶ
ᠠᠢ᠌ᠯ ᠳᠤᠮᠳᠠᠭᠤᠷ ᠰᠤᠭᠳᠤᠭᠤ ᠠᠬ᠎ᠠ ᠨᠡᠷ ᠭᠦᠶᠦᠯᠭᠡᠭᠡᠳ ᠠᠪᠴᠢᠷᠠᠭᠰᠠᠨ ᠦᠭᠡᠶ
ᠱᠥᠭᠦᠷ ᠡᠷᠭᠢᠭᠦᠯᠵᠤ ᠬᠤᠷᠤᠭ᠎ᠠ ᠬᠤᠳᠠ ᠪᠠᠨ ᠴᠠᠪᠠᠷᠯᠠᠵᠤ ᠭᠦᠯᠢᠶᠡᠯᠭᠡᠪᠡ
ᠱᠦᠯᠦᠨ ᠳᠤᠰᠤᠨ ᠳ᠋ᠸᠩ ᠶᠢᠡᠨ ᠵᠠᠰᠠᠵᠤ ᠭᠠᠩ ᠲᠡᠶ ᠣᠰᠤ ᠪᠠᠨ ᠪᠢᠯᠬᠠᠭᠠᠪᠠ
ᠮᠢᠠᠳᠠᠰᠤᠨ ᠴᠠᠭᠠᠨ ᠢᠰᠡᠭᠡᠢ ᠳᠠᠪᠢᠰᠴᠤ ᠮᠥᠩᠭᠡ ᠭᠦᠭᠡ ᠳᠡᠭ᠍ᠷᠢ ᠳᠤ ᠮᠦᠷᠭᠦᠭᠦ ᠳᠤ ᠯᠠ
ᠰᠢᠨ᠎ᠠ ᠶᠢᠨ ᠨᠢᠭᠡᠨ ᠢᠷᠠᠭᠳᠠᠪᠠ
ᠮᠠᠨ ᠤ ᠮᠤᠩᠭ᠋ᠤᠯ ᠤᠨ ᠦᠷᠠᠰ ᠭᠡᠢ ᠮᠤᠷᠢ ᠴᠤᠭᠵᠢᠯ ᠲᠡᠶ ᠠᠮᠢᠳᠤᠷᠠᠳᠤᠭᠠᠢ ᠭᠡᠵᠤ
ᠢᠷᠦᠭᠡᠯ ᠤᠨ ᠰᠥ᠋ ᠰᠠᠴᠤᠬᠤ ᠳᠤ ᠴᠠᠭᠠᠨ ᠰᠠᠷ᠎ᠠ ᠪᠣᠯᠪᠠ᠃
2001.8.3
ᠵᠤᠬᠢᠶᠠᠭᠴᠢ ᠶᠢᠨ ᠬᠠᠶᠢᠭ ᠄ ᠪᠠᠭᠠᠷᠢᠨ
ᠵᠤᠬᠢᠶᠠᠭᠴᠢ᠄ ᠫᠣ·ᠰᠠᠨᠠᠭᠠᠷᠠᠪᠣᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2676
ᠴᠠᠭ᠄ 2011 ᠤᠨ ᠤ 02 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ