ᠨᠡᠪᠲᠡᠷᠡᠨ ᠤᠷᠤᠬᠤ
ᠦᠨᠢᠶᠠᠨ ᠵᠠᠯ᠎ᠠ ᠳᠡᠭᠡᠷ᠎ᠡ ᠳᠠᠷᠠᠭ ᠪᠦᠷᠢᠯ᠎ᠡ

ᠪᠢ ᠦᠨᠢᠶᠠᠤᠨ ᠤᠨ ᠶᠢᠡᠨ ᠵᠠᠯᠠᠨ ᠳᠡᠭᠡᠷ᠎ᠡ

ᠰᠢᠷᠭᠢᠵᠤ ᠳᠠᠳᠠᠷᠠᠭᠰᠠᠨ

ᠥᠤᠷ ᠢᠪᠢᠯᠭᠡᠵᠤ

ᠥᠶ‍ᠦᠭ᠌ ᠳᠠᠭᠱᠠᠨ

ᠳᠠᠷᠠᠭ ᠪᠦᠷᠢᠯ᠎ᠡ᠃

ᠰᠦᠨᠢ ᠶᠢᠨ

ᠨᠠᠮᠤᠭᠤᠬᠠᠨ ᠠᠭᠠᠷ ᠡᠴᠡ

ᠰᠡᠷᠭᠦᠯᠡᠩ ᠨᠤᠭᠤᠭᠠᠨ

ᠲᠦᠯ ᠭᠡᠪᠢᠯᠭᠡᠵᠤ

ᠦᠷᠦᠮ᠎ᠡ ᠳᠤᠰᠤᠳᠠᠢ

ᠳᠠᠷᠠᠭ ᠪᠦᠷᠢᠯ᠎ᠡ᠃

ᠡᠭᠡ ᠶᠢᠨ ᠬᠣᠢ᠌ᠨ᠎ᠠ ᠡᠴᠡ

ᠮᠥᠭᠡᠷᠡᠵᠤ ᠬᠤᠴᠤᠷᠠᠭᠰᠠᠨ

ᠲ᠋ᠤᠭᠤᠯ ᠤᠨ ᠶᠢᠡᠨ

ᠠᠮᠢᠰᠬᠤᠯ ᠰᠢᠮᠠᠵᠤ

ᠡᠭᠡᠳᠡᠩ ᠵᠥᠭᠡᠯᠡᠨ

ᠳᠠᠷᠠᠭ ᠪᠦᠷᠢᠯ᠎ᠡ᠃

ᠡᠷᠢᠯ ᠶᠢᠡᠷ ᠴᠥᠭᠦᠭ᠍ᠰᠡᠨ

ᠠᠪᠣ ᠶᠢᠨ ᠠᠷᠤ ᠡᠴᠡ

ᠬᠠᠢ᠌ᠯᠭ᠎ᠠ ᠣᠢ᠌ᠷᠠᠳᠤᠭᠤᠯᠤᠨ

ᠰᠤᠷᠠᠭ ᠰᠢᠪᠰᠢᠵᠤ

ᠡᠯᠢᠭᠡᠨ ᠠᠮᠳᠠᠳᠠᠢ

ᠳᠠᠷᠠᠭ ᠪᠦᠷᠢᠯ᠎ᠡ᠃

ᠴᠠᠮᠢᠳ ᠡᠩᠭᠡᠷᠳᠡᠨ ᠤ

ᠠᠷᠠᠭ᠎ᠠ ᠳᠠᠭᠰᠢᠭᠤᠯᠵᠤ

ᠲ᠋ᠠᠯ᠎ᠠ ᠳᠤ ᠭᠦᠷᠪᠠᠭᠦ

ᠰᠢᠨᠤᠯ ᠪᠣᠭᠤᠮᠢᠯᠠᠵᠤ

ᠴᠠᠯ ᠭᠦᠢᠳᠡᠨ

ᠳᠠᠷᠠᠭ ᠪᠦᠷᠢᠯ᠎ᠡ᠃

ᠴᠠᠭᠠᠨ ᠬᠤᠨ ᠤ ᠪᠠᠨ

ᠳᠠᠯᠠᠪᠴᠢ ᠬᠠᠷᠪᠣᠭᠤᠯᠤᠭᠰᠠᠨ

ᠰᠠᠯᠭᠢᠳᠤ ᠨᠠᠭᠤᠷ ᠤᠨ

ᠱᠤᠷᠪᠣᠭ ᠠᠮᠳᠠᠯᠠᠵᠤ

ᠴᠠᠩᠭ᠋ᠠᠮ᠎ᠠ ᠳᠤᠭᠰᠢᠨ

ᠳᠠᠷᠠᠭ ᠪᠦᠷᠢᠯ᠎ᠡ᠃

ᠡᠵᠢ ᠶᠢᠨ ᠰᠠᠭᠤᠯᠠᠭ᠎ᠠ ᠳᠠᠭᠠᠨ

ᠡᠴᠦᠰ ᠤᠨ ᠣᠳᠤᠳ ᠤᠨ

ᠰᠤᠯᠢᠷ ᠢ ᠳᠦᠭᠦᠷᠭᠡᠵᠤ

ᠰᠠᠷᠠᠯ ᠪᠢᠯᠬᠠᠭᠤᠯᠤᠨ

ᠦᠨᠢᠶᠠᠨ ᠵᠠᠯ᠎ᠠ ᠳᠡᠭᠡᠷ᠎ᠡ

ᠳᠠᠷᠠᠭ ᠪᠦᠷᠢᠯ᠎ᠡ᠃

ᠵᠤᠬᠢᠶᠠᠭᠴᠢ᠄ ᠨ·ᠴᠡᠯᠡᠭᠡᠷ
ᠢᠷᠡᠯᠲᠡ᠄ ᠨᠡᠷᠡᠡᠴᠡᠴᠡᠭ᠌
ᠬᠠᠷᠢᠶ᠎ᠠ᠄ ᠰᠢᠯᠦᠭ
ᠳᠠᠷᠤᠮ᠄ 3279
ᠴᠠᠭ᠄ 2006 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ