ᠨᠡᠪᠲᠡᠷᠡᠨ ᠤᠷᠤᠬᠤ
ᠪᠣᠷᠤᠭᠠᠳᠤ ᠦᠳᠡᠰᠢ ᠶᠢᠨ ᠪᠣᠯᠵᠤᠭ᠎ᠠ

ᠭᠦᠭᠡᠷᠦᠭᠦᠨ ᠬᠠᠷ᠎ᠠ ᠨᠢᠳᠤᠨ ᠡᠴᠡ ᠨᠢ

ᠭᠦᠰᠡᠯ ᠬᠠᠢ᠌ᠷ᠎ᠠ ᠶᠢᠨ ᠢᠳᠡᠭᠡᠯ ᠰᠢᠮᠠᠨ ᠰᠠᠭᠤᠭᠰᠠᠨ

ᠭᠦᠯᠢᠶᠡᠭᠡᠳ ᠢᠷᠡᠭᠦ ᠦᠭᠡᠶ ᠵᠢᠷᠭᠠᠯ ᠳᠤ ᠰᠤᠭᠳᠤᠨ

ᠭᠦᠷᠡᠩ ᠵᠢᠷᠦᠭᠡ ᠪᠠᠨ ᠮᠥᠷᠦᠭᠡᠳᠦᠯ ᠳᠤ ᠳᠡᠪᠳᠦᠭᠡᠭ᠍ᠰᠡᠨ

ᠭᠠᠳᠠᠨ᠎ᠠ ᠰᠢᠪᠠᠷᠡᠭᠦ ᠪᠣᠷᠤᠭ᠎ᠠ ᠶᠢ ᠴᠢᠩᠨᠠᠨ

ᠭᠠᠯᠵᠠᠭᠤ ᠨᠠᠰᠤᠨ ᠤ ᠳᠤᠷᠠᠯᠠᠯ ᠳᠠᠭᠠᠨ ᠬᠠᠢ᠌ᠯᠤᠭᠰᠠᠨ

ᠭᠠᠷ ᠭᠠᠷ ᠶᠢᠡᠨ ᠪᠠᠷᠢᠯᠴᠠᠨ ᠰᠠᠭᠤᠭᠠᠤᠨ

ᠭᠠᠰᠢᠭᠤᠨ ᠵᠠᠶᠠᠭ᠎ᠠ ᠪᠠᠨ ᠬᠠᠠᠴᠤᠢ ᠳᠠᠭᠠᠨ ᠨᠢᠭᠤᠭᠰᠠᠨ

ᠰᠠᠯᠤᠯᠴᠠᠬᠤ ᠨᠢᠮᠭᠡᠨ ᠵᠠᠶᠠᠭᠠᠨ ᠳᠠᠭᠠᠨ ᠬᠠᠷᠠᠮᠰᠠᠨ

ᠰᠢᠷᠬ᠎ᠠ ᠲᠡᠶ ᠰᠡᠳᠭᠢᠯ ᠶᠢᠡᠷ ᠳᠠᠭᠤᠯᠠᠵᠤ ᠰᠠᠭᠤᠭᠰᠠᠨ

ᠰᠠᠨᠠᠪᠠᠯ ᠳᠤᠷᠠᠰᠤᠯᠴᠠᠬᠤ ᠪᠣᠯᠵᠤᠭ᠎ᠠ ᠳᠤᠭᠳᠠᠨ

ᠱᠠᠭᠢᠬᠤ ᠪᠣᠷᠤᠭᠠᠨ ᠳᠤ ᠳᠠᠩᠭ᠋ᠠᠷᠢᠭ ᠶᠢᠡᠨ ᠣᠭᠢᠶᠠᠭᠰᠠᠨ

ᠪᠣᠳᠤᠯ ᠳᠤ ᠨᠢᠭᠡ ᠶᠢ ᠰᠠᠨᠠᠭᠳᠠᠭᠤᠯᠬᠤ

ᠪᠣᠷᠤᠭᠠᠳᠤ ᠦᠳᠡᠰᠢ ᠶᠢᠨ ᠪᠣᠯᠵᠤᠭ᠎ᠠ ᠪᠠᠢ᠌ᠨ᠎ᠠ

ᠪᠣᠴᠠᠭᠠᠤᠨ ᠳᠠᠭᠢᠵᠤ ᠢᠷᠡᠭᠦ ᠥᠭᠡᠢ

ᠪᠣᠭᠤᠨᠢᠬᠠᠨ ᠡᠳᠦᠷ ᠤᠨ ᠳᠤᠷᠠᠳᠬᠠᠯ ᠪᠠᠢ᠌ᠨ᠎ᠠ


(ᠳᠤᠰ ᠰᠢᠯᠦᠭ᠌ ᠳᠠᠭᠤᠤ ᠶᠢᠨ ᠥᠭᠡ ᠶᠤᠮ᠂ ᠨᠤᠲ᠋ ᠳᠠᠭᠠᠷᠠᠭᠤᠯᠬᠤ ᠭᠦᠮᠤᠨ ᠪᠠᠢ᠌ᠪᠠᠯ ᠪᠠᠶᠠᠷᠯᠠᠨ ᠣᠭᠳᠤᠨ᠎ᠠ᠃)


ᠵᠤᠬᠢᠶᠠᠭᠴᠢ᠄ ᠯ·ᠣᠳᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2850
ᠴᠠᠭ᠄ 2009 ᠤᠨ ᠤ 08 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ