☆ ᠦ᠊·ᠠᠯᠳᠠᠠᠪᠣᠯᠠᠭ
ᠣᠷᠣᠢ᠌ᠳᠠᠭᠠ ᠦᠭᠡᠶ ᠭᠦᠰᠡᠯ
ᠰᠠᠪᠠᠯᠵᠡᠨ ᠥᠯᠢᠶᠡᠭᠦ ᠰᠠᠯᠭᠢᠨ
ᠰᠡᠳᠭᠢᠯ ᠢ ᠮᠢᠨᠢ ᠭᠡᠳᠡᠭᠡᠨᠡᠵᠤ
ᠰᠠᠷᠢᠮᠠᠷ ᠦᠭᠡᠶ ᠵᠡᠭᠦᠳᠤᠨ ᠡᠴᠡ
ᠨᠣᠢ᠌ᠷ ᠢ ᠮᠢᠨᠢ ᠠᠷᠭᠠᠳᠠᠵᠤ
ᠨᠡᠭᠦᠳᠡᠯ ᠤᠨ ᠳᠤᠭᠤᠰᠤ ᠰᠢᠩᠭᠡᠷᠡᠭ᠍ᠰᠡᠨ
ᠨᠤᠳᠤᠭ ᠤᠨ ᠪᠠᠷ᠎ᠠ ᠡᠷᠢᠭ᠍ᠳᠡᠭᠦᠯᠵᠤ
ᠨᠡᠭᠡᠯ ᠬᠠᠳᠠᠭᠤ ᠠᠮᠢᠳᠤᠷᠠᠯ ᠤᠨ
ᠨᠦᠮᠦᠷᠢ ᠨᠥᠮᠵᠦᠭ᠌ ᠢ ᠮᠡᠳᠡᠷᠡᠭᠦᠯᠦᠨ᠎ᠡ᠃
ᠰᠡᠮᠡᠭᠡᠨ ᠱᠠᠪᠰᠢᠬᠤ ᠪᠣᠷᠤᠭᠠᠨ
ᠴᠡᠴᠡᠭ᠌ ᠤᠨ ᠳᠤᠭᠤᠰᠤ ᠶᠢ ᠣᠭᠢᠶᠠᠵᠤ
ᠰᠡᠭᠡᠭᠡᠷᠡᠭᠦ ᠴᠠᠭ ᠤᠨ ᠱᠤᠤᠭᠢᠶᠠᠨ
ᠴᠡᠯᠮᠡᠭ᠌ ᠳᠡᠭ᠍ᠷᠢ ᠶᠢ ᠠᠮᠢᠯᠠᠭᠤᠯᠵᠤ
ᠲ᠋ᠤᠭᠯᠠᠭᠠᠮ ᠶᠡᠭᠡᠳᠡᠢ ᠨᠡᠢ᠌ᠭᠡᠮ
ᠲ᠋ᠤᠭᠤᠭ᠎ᠠ ᠲᠡᠶ ᠱᠦᠯᠦ ᠰᠢᠭ ᠪᠣᠴᠠᠯᠵᠤ
ᠲ᠋ᠤᠮᠤᠭᠠ ᠣᠷᠤᠭᠰᠠᠨ ᠨᠠᠰᠤᠨ ᠤ
ᠲ᠋ᠤᠯᠤᠭᠠᠢ ᠶᠠᠮᠠᠷ ᠢ ᠰᠢᠯᠭᠠᠨ᠎ᠠ᠃
ᠭᠡᠭᠡᠪᠴᠢ ᠪᠠᠷ ᠱᠠᠭᠠᠢ᠌ᠬᠤ ᠨᠠᠷᠠᠨ ᠤ
ᠭᠡᠷᠡᠯ ᠤᠨ ᠰᠢᠷᠭᠡᠭ᠌ ᠢ ᠳᠤᠭᠠᠯᠠᠵᠤ
ᠭᠡᠨᠡᠨ ᠴᠠᠯᠠᠭᠠᠢ ᠨᠠᠰᠤᠨ ᠤ
ᠡ᠊ᠨᠳᠡᠭᠦᠷᠡᠯ ᠪᠦᠭᠦᠨ ᠢ ᠪᠣᠴᠠᠭᠠᠵᠤ
ᠡᠷ᠎ᠡ ᠭᠦᠮᠤᠨ ᠤ ᠰᠢᠠᠳᠠᠰᠤ ᠪᠠᠷ
ᠡᠭᠡᠯ ᠠᠮᠢᠳᠤᠷᠠᠯ ᠢ ᠰᠢᠭᠠᠭᠠᠵᠤ
ᠡᠭᠢᠯᠡᠭᠦ ᠶᠤᠰᠤᠳᠠᠢ ᠠᠵᠢᠯ ᠵᠢᠠᠨ
ᠡᠪ ᠢ ᠨᠢ ᠦᠵᠡᠵᠤ ᠭᠠᠷᠳᠠᠬᠤ ᠳᠤ᠁
ᠪᠣᠷᠬᠠᠨ ᠤ ᠭᠡᠭᠡᠨ ᠮᠠᠯᠮᠠᠢ
ᠪᠣᠶᠠᠨ ᠤ ᠬᠤᠷᠤᠢ ᠲᠡᠶ ᠳᠤᠰᠤᠨ᠎ᠠ
ᠪᠣᠮᠠᠨ ᠣᠨ ᠤ ᠣᠢ᠌ᠯᠠᠰ
ᠰᠢᠵᠢᠷ ᠥᠩᠭᠡ ᠪᠠᠷ ᠪᠣᠰᠤᠨ᠎ᠠ
ᠪᠣᠭᠤᠷᠤᠯ ᠮᠤᠩᠭ᠋ᠤᠯ ᠤᠨ ᠥᠡᠳᠦᠷᠯᠢᠭ᠌
ᠪᠣᠰᠤᠭ᠎ᠠ ᠭᠡᠯᠡ ᠪᠠᠷ ᠰᠢᠯᠦᠭᠯᠡᠨ᠎ᠡ
ᠪᠣᠳᠤᠯ ᠳᠤᠩᠭ᠋ᠠᠯᠠᠭ ᠬᠡᠦᠬᠡᠳ ᠮᠢᠨᠢ
ᠮᠥᠩᠭᠡ ᠭᠠᠯ ᠶᠢᠡᠷ ᠴᠤᠭᠵᠢᠨᠠ᠃
ᠵᠤᠬᠢᠶᠠᠭᠴᠢ ᠶᠢᠨ ᠬᠠᠶᠢᠭ ᠄ ᠵᠢᠭᠠᠬᠤ ᠶᠢ ᠰᠤᠳᠤᠯᠬᠤ ᠳᠠᠰᠤᠭ
ᠵᠤᠬᠢᠶᠠᠭᠴᠢ᠄ ᠦ᠊·ᠠᠯᠳᠠᠠᠪᠣᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 12386
ᠴᠠᠭ᠄ 2012 ᠤᠨ ᠤ 04 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ