ᠨᠡᠪᠲᠡᠷᠡᠨ ᠤᠷᠤᠬᠤ
ᠭᠢᠯᠢᠩᠨᠠᠯ
᠊᠊᠊᠊᠊᠊᠊᠊᠊᠊᠊᠊᠊᠊᠊ ᠡᠭᠡ ᠪᠣᠯᠤᠭᠰᠠᠨ ᠪᠠᠢ᠌ᠭᠠᠯᠢ᠂ ᠡᠨᠡᠷᠢᠯᠳᠤ ᠶᠡᠭᠡ ᠳᠠᠯᠠᠢ ᠳ᠋ᠠᠭᠠᠨ《ᠣ ᠬᠠᠢ᠌ᠷᠠᠬᠠᠨ︕》 ᠭᠡᠵᠤ ᠵᠠᠯᠪᠢᠷᠠᠪᠠ᠃

          

ᠣ ᠬᠠᠢ᠌ᠷᠠᠬᠠᠨ︕

ᠦᠷᠤᠴᠠᠨ ᠳᠡᠭᠡᠷ᠎ᠡ ᠴᠢᠨᠢ ᠥᠰᠦᠭ᠍ᠰᠡᠨ ᠦᠷ᠎ᠡ ᠰᠠᠳᠤᠨ

ᠭᠦᠭᠡᠷᠦᠭᠦᠢ ᠡᠰᠡ ᠦᠦ︖

ᠡᠭᠡ ᠪᠣᠯᠤᠭᠰᠠᠨ ᠪᠠᠢ᠌ᠭᠠᠯᠢ᠂ ᠡᠨᠡᠷᠢᠯᠳᠤ ᠶᠡᠭᠡ ᠳᠠᠯᠠᠢ ᠮᠢᠨᠢ᠂

ᠶᠠᠭᠠᠭᠢᠬᠤ ᠳᠠᠭᠠᠨ ᠳᠠ

ᠬᠠᠮᠤᠭᠠᠤᠨ ᠳᠠᠭᠤᠭᠠᠤᠨ᠂ ᠳᠠᠷᠤᠭᠠᠤᠨ ᠪᠣᠯᠠᠭᠠᠤᠨ

ᠠᠪᠣᠭᠠᠤᠨ ᠶᠠᠪᠣᠴᠢᠬᠠᠨ᠎ᠠ᠃ ᠁

ᠳᠠ ᠶᠠᠭᠠᠭᠢᠭᠠᠤᠨ ᠭᠢᠯᠢᠩᠨᠡᠴᠢᠭᠡᠯ᠎ᠡ᠂ ᠶᠠᠭᠠᠭᠢᠭᠠᠤᠨ ᠁

ᠪᠠᠢ᠌ᠭᠠᠯᠢ᠂ ᠳᠠᠯᠠᠢ ᠮᠢᠨᠢ ᠡ︕

ᠶᠡᠭᠡ ᠳᠠᠯᠠᠢ ᠶᠢᠨ ᠬᠤᠢ ᠰᠠᠯᠭᠢ ᠭᠦᠳᠡᠯᠦᠯ᠎ᠡ᠂

ᠶᠡᠭᠡ ᠭᠠᠵᠠᠷ ᠭᠦᠳᠡᠯᠦᠯᠳᠡ ᠡᠭᠦᠰᠦᠯ᠎ᠡ︕

ᠠᠶ᠎ᠠ ︕ ᠨᠢᠮᠭᠡᠨ ᠵᠠᠶᠠᠭ᠎ᠠ ᠲᠡᠶ ᠭᠦᠮᠤᠨ ᠳᠦᠷᠤᠯᠭᠢᠳᠠᠨ ᠮᠢᠨᠢ᠂

ᠵᠤᠯᠠᠭᠠᠤᠨ ᠬᠠᠮᠢᠭ᠎ᠠ ᠣᠴᠢᠨ᠎ᠠ᠂

ᠪᠣᠯᠳᠤᠭᠠᠤᠨ ᠬᠠᠮᠢᠭ᠎ᠠ ᠣᠷᠤᠨ᠎ᠠ᠂

ᠭᠦᠮᠤᠨ ᠮᠢᠨᠢ᠂ ᠭᠦᠮᠤᠨ ᠮᠢᠨᠢ᠃

ᠭᠦᠭᠡᠷᠦᠭᠦᠢ ᠠᠮᠢᠳᠠᠨ ᠮᠢᠨᠢ︕

ᠵᠠᠶᠠᠭ᠎ᠠ ᠨᠢᠭᠦᠯ ᠶᠢᠡᠨ ᠭᠡᠨ ᠳᠤ ᠳᠠᠭᠠᠳᠬᠠᠨ᠎ᠠ᠂

ᠽᠠᠠᠳᠠᠨ ᠨᠠᠰᠤ ᠪᠠᠨ ᠭᠡᠨ ᠡᠴᠠ ᠰᠤᠷᠤᠨ᠎ᠠ︕ ᠁

ᠭᠦᠮᠤᠨ ᠡ᠂ ᠭᠦᠮᠦᠰ ᠡ᠄

ᠪᠠᠢ᠌ᠭᠠᠯᠢ ᠡᠭᠡ ᠪᠠᠨ ᠮᠠᠯᠳᠠᠭᠠᠤᠨ ᠪᠠᠢ᠂

ᠪᠠᠢ᠌ᠭᠰᠠᠨ ᠭᠠᠵᠠᠷ ᠶᠢᠡᠨ ᠳᠠᠯᠬᠠᠴᠢᠭᠠᠤᠨ ᠪᠠᠢ᠂

ᠪᠣᠯᠠᠭᠳᠠᠮᠠᠯ ᠭᠠᠷᠤᠯᠳᠠ ᠶᠢ ᠨᠢ ᠠᠪᠣᠭᠠᠤᠨ ᠪᠠᠢ᠂

ᠪᠣᠷᠬᠠᠨ ᠪᠣᠯᠪᠠᠴᠤ ᠭᠢᠯᠢᠩᠨᠠᠨ᠎ᠠ ︕

ᠪᠣᠭᠤᠷᠠᠯ ᠪᠦᠮᠪᠦᠷᠴᠡᠭ᠌ ᠣᠭᠢᠯᠠᠨ᠎ᠠ ︕

ᠣᠰᠤ ᠪᠠᠷ ᠴᠢᠮᠢ᠋ᠢ ᠴᠠᠪᠳᠠᠨ᠎ᠠ

ᠠᠭᠤᠯᠠ ᠪᠠᠷ ᠴᠢᠮᠢ᠋ᠢ ᠭᠦᠪᠳᠡᠨ᠎ᠡ᠂

ᠣᠢ᠌ᠯᠠᠭᠠᠨ ᠴᠢᠮᠢ᠋ᠢ ᠡᠮᠭᠦᠨ᠎ᠡ

ᠣᠷᠤᠰᠬᠠᠯ ᠴᠢᠮᠢ᠋ᠢ ᠬᠠᠵᠠᠨ᠎ᠠ᠂

ᠭᠠᠯ ᠴᠢᠮᠢ᠋ᠢ ᠰᠢᠷᠠᠨ᠎ᠠ

ᠰᠢᠭᠤᠷᠠᠭᠠᠨ ᠴᠢᠮᠢ᠋ᠢ ᠬᠤᠴᠢᠨ᠎ᠠ᠃

ᠭᠡᠷ ᠣᠷᠤᠨ ᠢ ᠴᠢᠨᠢ ᠬᠠᠮᠬᠠᠴᠢᠨ᠎ᠠ

ᠭᠡᠷᠡᠯᠳᠤ ᠣᠷᠴᠢᠯᠠᠩ ᠡᠴᠠ ᠴᠢᠮᠢ᠋ᠢ ᠪᠣᠯᠢᠶᠠᠨ᠎ᠠ︕

ᠭᠦᠮᠦᠰ ᠡ᠂ ᠭᠠᠷ ᠶᠢᠡᠨ ᠳᠠᠳᠠ︕

ᠪᠠᠶ᠎ᠠ ᠪᠠᠨ ᠬᠤᠷᠢᠶᠠ ᠁

ᠨᠢᠳᠤ ᠪᠠᠨ ᠠᠪ

ᠨᠢᠭᠦᠯ ᠶᠢᠡᠨ ᠪᠣᠳᠤ ᠁

ᠡᠭᠡ ᠪᠣᠯᠤᠭᠰᠠᠨ ᠪᠠᠢ᠌ᠭᠠᠯᠢ ᠠᠭᠤᠷᠠᠯᠠᠵᠤ ᠪᠠᠢ᠌ᠨ᠎ᠠ᠂

ᠶᠡᠭᠡ ᠳᠠᠯᠠᠢ ᠭᠢᠯᠢᠩᠨᠠᠵᠤ ᠪᠠᠢ᠌ᠨ᠎ᠠ᠃ ᠁


     2011.3.12

   《ᠪᠠᠶᠠᠠᠪᠣᠯᠠᠭ ᠪᠢᠴᠢᠭ᠌ ᠤᠨ ᠦᠷᠦᠭᠡ》 ᠳ᠋ᠡᠭᠡᠨ ᠠᠩᠬ᠎ᠠ ᠨᠤᠤᠷᠠᠭᠯᠠᠪᠠ᠃



ᠵᠤᠬᠢᠶᠠᠭᠴᠢ ᠶᠢᠨ ᠬᠠ‍‌ᠶᠢᠭ ᠄ ᠬᠤᠪᠣᠭᠰᠠᠢ᠌ᠷᠢ ᠰᠢᠶᠠᠨ

ᠵᠤᠬᠢᠶᠠᠭᠴᠢ᠄ ᠴᠥ᠊·ᠪᠣᠯᠤᠤᠠᠪᠠᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2633
ᠴᠠᠭ᠄ 2011 ᠤᠨ ᠤ 03 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ