ᠨᠡᠪᠲᠡᠷᠡᠨ ᠤᠷᠤᠬᠤ
ᠨᠤᠳᠤᠭ ᠤᠨ ᠰᠢᠷᠭᠠᠯ ᠡᠯᠡᠰᠤ

ᠨᠢᠷᠤᠭᠤ ᠪᠠᠨ ᠡᠭᠦᠷᠦᠭ᠍ᠰᠡᠨ ᠠᠪᠣ ᠶᠢᠨ ᠮᠢᠨᠢ

ᠨᠢᠳᠤ ᠪᠠᠨ ᠴᠢᠯᠠᠳᠠᠯ᠎ᠠ ᠪᠠᠷᠠᠯᠠᠵᠤ ᠰᠠᠭᠤᠳᠠᠭ

ᠨᠤᠳᠤᠭ ᠤᠨ ᠰᠢᠷᠭᠠᠯ ᠡᠯᠡᠰᠤᠨ ᠤ ᠳᠡᠭᠡᠷ᠎ᠡ

ᠨᠢᠰᠤ ᠪᠠᠨ ᠴᠤᠪᠣᠭᠤᠯᠤᠭᠰᠠᠨ ᠭᠦᠳᠡᠭᠡ ᠶᠢᠨ ᠬᠡᠦᠬᠡᠳ

ᠨᠠᠷ᠎ᠠ ᠪᠠᠨ ᠮᠠᠷᠳᠠᠳᠠᠯ᠎ᠠ ᠭᠦᠭᠡᠷᠦᠯᠳᠦᠳᠡᠭ᠌ ᠪᠠᠢ᠌ᠭᠰᠠᠨ ᠶᠤᠮ

ᠨᠢᠭᠡ ᠶᠢ ᠪᠠᠨ ᠳᠡᠢ᠌ᠯᠭᠦ ᠭᠡᠵᠤ ᠨᠤᠴᠤᠯᠳᠤᠳᠠᠭ ᠪᠠᠢ᠌ᠭᠰᠠᠨ ᠶᠤᠮ


ᠠᠷᠭᠠᠯ ᠳᠤ ᠶᠠᠪᠣᠭᠰᠠᠨ ᠡᠵᠢ ᠶᠢᠨ ᠮᠢᠨᠢ

ᠠᠯᠵᠢᠶᠠᠯ ᠶᠢᠡᠨ ᠳᠠᠢ᠌ᠯᠠᠵᠤ ᠠᠮᠤᠰᠭᠢᠵᠤ ᠰᠠᠭᠤᠳᠠᠭ

ᠨᠤᠳᠤᠭ ᠤᠨ ᠰᠢᠷᠭᠠᠯ ᠡᠯᠡᠰᠤᠨ ᠤ ᠳᠡᠭᠡᠷ᠎ᠡ

ᠪᠠᠯᠠᠷ ᠤᠨ ᠬᠡᠦᠬᠡᠳ ᠤᠳ ᠴᠤᠭᠯᠠᠷᠠᠳᠠᠭ ᠪᠠᠢ᠌ᠭᠰᠠᠨ ᠶᠤᠮ

ᠪᠠᠯᠴᠢᠷ ᠨᠠᠰᠤ ᠪᠠᠨ ᠡᠯᠡᠭᠡᠳᠡᠭ᠌ ᠪᠠᠢ᠌ᠭᠰᠠᠨ ᠶᠤᠮ

ᠪᠠᠷᠢᠯᠳᠤᠬᠤ ᠡᠷᠳᠡᠮ ᠶᠢᠡᠨ ᠭᠠᠢ᠌ᠬᠠᠭᠤᠯᠳᠠᠭ ᠪᠠᠢ᠌ᠭᠰᠠᠨ ᠶᠤᠮ


ᠬᠤᠷᠠᠭᠠᠨ ᠪᠠᠯᠴᠢᠭᠡᠷ ᠤᠨ ᠮᠢᠨᠢ ᠣᠨᠠᠭᠠᠨ ᠪᠠᠭᠤᠴᠠ

ᠬᠤᠯᠠᠨ ᠰᠢᠷᠭᠠᠯ ᠨᠤᠳᠤᠭ ᠤᠨ ᠡᠯᠡᠰᠤ

ᠬᠤᠩᠭ᠋ᠤᠷ ᠪᠠᠭ᠎ᠠ ᠶᠢᠨ ᠳᠤᠷᠠᠳᠬᠠᠯ ᠢ ᠠᠴᠢᠶᠠᠯᠠᠵᠤ

ᠬᠤᠪᠳᠤᠯ ᠵᠢᠷᠦᠭᠡᠨ ᠳᠤ ᠮᠢᠨᠢ ᠬᠤᠨᠤᠭᠰᠢᠭᠰᠠᠨ ᠶᠤᠮ

ᠬᠤᠵᠢᠮ ᠤᠨ ᠰᠠᠢ᠌ᠬᠠᠨ ᠮᠥᠷᠦᠭᠡᠳᠦᠯ ᠢ ᠳᠡᠪᠳᠡᠷᠢᠭᠦᠯᠵᠤ

ᠬᠤᠯᠠ ᠶᠠᠪᠣᠭᠰᠠᠨ ᠴᠤ ᠳᠤᠷᠠᠰᠤᠭᠳᠠᠭᠠᠤᠨ ᠪᠠᠢ᠌ᠳᠠᠭ ᠶᠤᠮ


ᠵᠤᠬᠢᠶᠠᠭᠴᠢ ᠶᠢᠨ ᠬᠠᠶ‍ᠢᠭ ᠄ ᠣᠷᠳᠤᠰ ᠬᠤᠳᠠ ᠶᠢᠨ ᠬᠠᠩᠭᠢᠨ ᠬᠤᠰᠢᠭᠤ

ᠵᠤᠬᠢᠶᠠᠭᠴᠢ᠄ ᠰᠣ᠊·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2628
ᠴᠠᠭ᠄ 2010 ᠤᠨ ᠤ 03 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ