☆ ᠪᠠᠶᠠᠭᠤᠳ ᠳᠡᠭᠦᠦᠵᠡᠶᠠᠭ᠎ᠠ
ᠰᠤᠷᠤᠭᠴᠢᠳ ᠮᠢᠨᠢ ᠪᠠᠶᠠᠷᠳᠠᠢ
ᠬᠤᠶᠠᠷ ᠵᠢᠯ ᠤᠨ ᠬᠠᠮᠳᠤ ᠶᠢᠨ ᠠᠮᠢᠳᠤᠷᠠᠯ ᠬᠤᠷᠤᠮᠬᠠᠨ᠎ᠠ ᠳᠠᠭᠤᠰᠴᠤ
ᠬᠤᠨᠤᠭᠰᠢᠵᠤ ᠳᠠᠰᠤᠭᠰᠠᠨ ᠡᠮᠡᠭᠡᠯ ᠰᠤᠷᠭᠠᠭᠤᠯᠢ ᠡᠴᠠ ᠪᠠᠨ ᠳᠠ ᠨᠡᠷ ᠰᠠᠯᠤᠭᠠᠤᠨ
ᠬᠤᠷᠸ᠎ᠠ ᠶᠢᠨ ᠵᠢᠮ᠎ᠠ ᠶᠢ ᠮᠦᠷᠳᠠᠨ ᠰᠢᠨ᠎ᠡ ᠠᠶᠠᠨ ᠢ ᠡᠯᠭᠦᠵᠤ
ᠬᠤᠰᠢᠭᠤᠨ ᠲᠦᠪ ᠭᠠᠠᠵᠤᠭ᠎ᠠ ᠳᠤ ᠪᠠᠨ ᠰᠢᠯᠭᠠᠯᠳᠠ ᠳᠤ ᠮᠤᠷᠳᠠᠬᠤ ᠪᠣᠯᠤᠯ᠎ᠠ᠃
ᠪᠠᠢ᠌ᠷᠢ ᠶᠢᠨ ᠪᠠᠭᠰᠢ ᠴᠢᠨᠢ ᠡᠭ᠍ᠳᠡᠭᠦᠤ ᠳᠠᠢ
ᠪᠠᠷᠭᠢᠷᠠᠭ᠎ᠠ ᠭᠡᠳᠡᠭ᠌ ᠨᠢ ᠭᠡᠴᠡᠭᠦᠤ
ᠭᠡᠯᠡᠭᠡᠳ ᠠᠪᠣᠪᠠᠯ ᠵᠤᠭᠰᠤᠬᠤ ᠥᠭᠡᠢ
ᠭᠡᠯᠡᠮᠡᠳᠡᠭᠡᠢ ᠭᠡᠳᠡᠭ᠌ ᠨᠢ ᠠᠶᠤᠮᠠᠷ
ᠣᠠᠳᠠ ᠭᠡᠳᠡᠯ᠎ᠡ ᠠᠮᠠᠷᠠ ᠭᠡᠳ
ᠣᠯᠠᠨ ᠶᠠᠭᠤᠮ᠎ᠠ ᠨᠤᠷᠱᠤᠯᠠ
ᠮᠤᠷᠠᠯ ᠭᠡᠳᠡᠯ᠎ᠡ ᠰᠤᠷᠳᠠᠯ ᠭᠡᠳ
ᠮᠤᠩ ᠦᠭᠡᠶ ᠣᠯᠠᠨ ᠳᠠᠪᠳᠠᠯ᠎ᠠ
ᠳᠦᠷᠢᠮ ᠭᠡᠳᠡᠯ᠎ᠡ ᠳᠤᠭᠳᠠᠭᠠᠯ ᠭᠡᠳ
ᠳᠡᠩᠳᠡᠭᠦᠤ ᠴᠢᠩᠭ᠎ᠠ ᠱᠠᠭᠠᠷᠳᠠᠯ᠎ᠠ
ᠳ᠋ᠸᠩ ᠶᠢᠡᠨ ᠭᠡᠳᠡᠯ᠎ᠡ ᠣᠰᠤ ᠪᠠᠨ ᠭᠡᠳ
ᠳᠡᠩᠰᠢᠭᠦᠯᠵᠤ ᠳᠠ ᠨᠡᠷ ᠢ ᠵᠤᠪᠠᠭᠠᠯ᠎ᠠ
ᠵᠦᠪ ᠪᠣᠷᠤᠭᠤ ᠳᠤᠩᠭ᠋ᠤᠳᠤᠭᠰᠠᠨ ᠢ ᠮᠢᠨᠢ
ᠵᠣᠢ᠌ᠴᠢᠵᠤ ᠰᠠᠳᠭᠢᠵᠤ ᠦᠵᠡ
ᠵᠥᠭᠡᠷ ᠪᠣᠯᠤᠮᠠᠷ ᠵᠠᠭᠢᠭᠰᠠᠨ ᠢ ᠮᠢᠨᠢ
ᠵᠥᠭᠡᠭᠡᠵᠤ ᠠᠪᠣᠭᠠᠤᠨ ᠶᠠᠪᠣ᠃
ᠡ᠊ᠨᠳᠡᠭᠦᠤ ᠪᠣᠷᠤᠭᠤ ᠶᠠᠷᠢᠭᠰᠠᠨ ᠢ ᠮᠢᠨᠢ
ᠡᠪᠯᠡᠵᠤ ᠳᠤᠩᠭ᠋ᠠᠵᠤ ᠦᠵᠡ
ᠡᠪ ᠦᠭᠡᠶ ᠮᠠᠭᠤᠬᠠᠢ ᠴᠠᠯᠴᠢᠭᠰᠠᠨ ᠢ ᠮᠢᠨᠢ
ᠡ᠊ᠨᠳᠡ ᠪᠠᠨ ᠬᠠᠶᠠᠭᠠᠤᠨ ᠣᠷᠭᠢ᠃
ᠡᠭᠡ ᠣᠷᠤᠨ ᠤ ᠪᠠᠨ ᠨᠠᠢ᠌ᠳᠠᠵᠤ ᠭᠦᠰᠡᠭ᠍ᠰᠡᠨ ᠤ ᠬᠠᠷᠢᠭᠤ
ᠡᠭᠡ ᠰᠤᠷᠭᠠᠭᠤᠯᠢ ᠶᠢᠨ ᠶᠢᠡᠨ ᠭᠦᠮᠦᠵᠢᠭᠦᠯᠵᠤ ᠰᠤᠷᠭᠠᠭᠰᠠᠨ ᠤ ᠪᠠᠨ ᠬᠠᠷᠢᠭᠤ
ᠡᠨᠡᠷᠢᠯᠳᠤ ᠪᠠᠭᠰᠢ ᠶᠢᠨ ᠶᠢᠡᠨ ᠵᠢᠦᠡᠭᠦᠵᠤ ᠴᠢᠷᠮᠠᠢ᠌ᠭᠰᠠᠨ ᠤ ᠬᠠᠷᠢᠭᠤ
ᠡᠴᠢᠭᠡ ᠡᠭᠡ ᠶᠢᠨ ᠶᠢᠡᠨ ᠰᠠᠨᠠᠵᠤ ᠰᠠᠷᠪᠠᠢ᠌ᠭᠰᠠᠨ ᠤ ᠬᠠᠷᠢᠭᠤ
ᠰᠢᠯᠭᠠᠯᠳᠠ ᠳᠤ ᠪᠠᠨ ᠰᠠᠢ᠌ᠬᠠᠨ ᠣᠷᠤᠯᠴᠠ
ᠴᠢᠳᠠᠭᠰᠠᠨ ᠤ ᠪᠠᠨ ᠭᠢᠷᠢ ᠪᠠᠷ ᠪᠣᠯᠭᠤᠮᠵᠢᠳᠠᠢ ᠬᠠᠷᠢᠭᠤᠯ
ᠰᠢᠷᠣᠢ᠌ᠳᠠᠭᠰᠠᠨ ᠴᠤ ᠭᠦᠶᠦᠭᠡᠳ ᠪᠣᠰᠤ
ᠴᠤᠴᠠᠯᠳᠠ ᠦᠭᠡᠶ ᠳᠠᠭᠢᠭᠠᠤᠨ ᠴᠢᠷᠮᠠᠢ
ᠬᠠᠮᠢᠭ᠎ᠠ ᠶᠠᠭᠤ ᠭᠢᠭ᠍ᠰᠡᠨ ᠴᠤ ᠬᠠᠳᠠᠭᠤ ᠵᠤᠷᠢᠭ ᠢ ᠪᠠᠷᠢ
ᠬᠠᠮᠤᠭ ᠣᠯᠠᠨ ᠤ ᠪᠠᠨ ᠳᠤᠮᠳᠠ ᠣᠳᠤ ᠨᠢ ᠪᠣᠯᠤᠨ ᠭᠡᠷᠡᠯᠳᠤ
ᠬᠠᠢ᠌ᠷ᠎ᠠ ᠶᠢᠨ ᠰᠠᠢ᠌ᠬᠠᠨ ᠳᠡᠯᠡᠭᠡᠢ ᠳᠤ ᠪᠠᠨ
ᠬᠠᠠᠳᠢᠪ ᠨᠠᠮᠠᠷᠢ ᠪᠠᠨ ᠥᠵᠡᠭᠦᠯ᠃
ᠰᠤᠷᠤᠭᠴᠢᠳ ᠮᠢᠨᠢ ᠪᠠᠶᠠᠷᠳᠠᠢ
ᠰᠤᠷᠬᠤ ᠶᠢᠨ ᠰᠠᠢ᠌ᠬᠠᠨ ᠤ ᠵᠢᠷᠭᠠᠯ ᠢ ᠡᠳ᠋ᠯᠡᠵᠤ ᠶᠠᠪᠣᠭᠠᠷᠠᠢ᠂
ᠰᠤᠷᠤᠭᠴᠢᠳ ᠮᠢᠨᠢ ᠪᠠᠶᠠᠷᠳᠠᠢ
ᠰᠠᠷᠠᠭᠤᠯ ᠢᠷᠡᠭᠡᠳᠦᠢ ᠳᠤ ᠪᠠᠨ ᠢᠳᠡᠭᠡᠯ ᠳᠦᠭᠦᠷᠡᠩ ᠶᠠᠪᠣᠭᠠᠷᠠᠢ᠃
ᠵᠤᠬᠢᠶᠠᠭᠴᠢ ᠶᠢᠨ ᠬᠠᠶᠢᠭ᠄ ᠳᠤᠩᠯᠢᠶᠤᠤ ᠬᠤᠳᠠ᠂ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤ᠂ ᠡᠮᠡᠭᠡᠯ ᠳᠤᠮᠳᠠᠳᠤ ᠰᠤᠷᠭᠠᠭᠤᠯᠢ
ᠵᠤᠬᠢᠶᠠᠭᠴᠢ᠄ ᠪᠠᠶᠠᠭᠤᠳ ᠳᠡᠭᠦᠦᠵᠡᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2637
ᠴᠠᠭ᠄ 2010 ᠤᠨ ᠤ 08 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ