☆ ᠳᠤᠷᠵᠢ
ᠦᠣᠷ ᠳᠦᠰᠢᠭ᠍ᠰᠡᠨ ᠰᠠᠷᠠᠯ
ᠰᠢᠩᠭᠡᠷᠡᠭ᠍ᠰᠡᠨ ᠣᠳᠤᠨ ᠡᠴᠠ
ᠰᠤᠯᠢᠷ ᠰᠠᠭᠠᠵᠤ
ᠰᠢᠷᠳᠡᠭ᠍ᠰᠡᠨ ᠴᠤᠯᠮᠤᠨ ᠡᠴᠠ
ᠰᠤᠨᠤᠷ ᠬᠠᠢ᠌ᠵᠤ
ᠰᠢᠵᠢᠷᠳᠡᠭ᠍ᠰᠡᠨ ᠦᠣᠷ ᠤᠨ
ᠬᠠᠶᠠᠭ᠎ᠠ ᠲᠦᠰᠢᠵᠤ
ᠰᠢᠨᠡᠷᠡᠭᠦ ᠡᠳᠦᠷ ᠤᠨ
ᠣᠶᠠᠭ᠎ᠠ ᠳᠠᠢ᠌ᠯᠠᠵᠤ
ᠳᠠᠯ᠎ᠠ ᠶᠢᠨ ᠳᠠᠢ᠌ᠪᠠᠩ
ᠦᠣᠷ ᠢ ᠠᠵᠢᠪᠠᠯ
ᠬᠤᠯᠠ ᠶᠢᠨ ᠳᠠᠪᠢᠯᠠᠩ
ᠨᠣᠢ᠌ᠷ ᠡᠴᠠ ᠰᠠᠷᠢᠨ᠎ᠠ
ᠪᠠᠯᠴᠢᠭᠦ ᠰᠦᠷᠦᠭ᠌ ᠤᠨ
ᠠᠨᠢᠷ ᠲᠤ ᠭᠦᠪᠦᠵᠤ
ᠮᠠᠯᠵᠢᠬᠤ ᠨᠤᠳᠤᠭ ᠤᠨ
ᠦᠨᠦᠷ ᠲᠤ ᠬᠤᠨᠤᠵᠤ
ᠬᠤᠯᠵᠢᠬᠤ ᠦᠣᠷ ᠤᠨ
ᠲ᠋ᠠᠨᠤᠷ ᠲᠤ ᠰᠢᠨᠤᠵᠤ
ᠰᠥᠯᠵᠢᠭᠦ ᠮᠠᠷᠭᠠᠰᠢ ᠵᠢᠨ
ᠣᠨᠢᠶᠠᠷ ᠲᠤ ᠳᠤᠠᠵᠤ
ᠳᠠᠯ᠎ᠠ ᠶᠢᠨ ᠳᠠᠢ᠌ᠪᠠᠩ
ᠦᠣᠷ ᠢ ᠠᠵᠢᠪᠠᠯ
ᠬᠤᠯᠠ ᠶᠢᠨ ᠳᠠᠪᠢᠯᠠᠩ
ᠨᠣᠢ᠌ᠷ ᠡᠴᠠ ᠰᠠᠷᠢᠨ᠎ᠠ᠃
ᠭᠠᠷᠬᠤ ᠨᠠᠷᠠᠨ ᠨᠢ
ᠣᠨᠢᠶᠠᠷ ᠳᠠᠪᠠᠷᠴᠤ
ᠭᠠᠪᠠᠷ ᠲᠡᠶ ᠣᠰᠤᠯᠢᠭ
ᠠᠭᠠᠷ ᠣᠭᠤᠴᠢᠵᠤ
ᠭᠠᠯ ᠮᠠᠨᠠᠭᠰᠠᠨ
ᠣᠳᠤᠭ᠎ᠠ ᠡᠷᠭᠦᠵᠤ
ᠭᠠᠠᠵᠤᠭ᠎ᠠ ᠳᠦᠭᠦᠷᠡᠩ
ᠣᠬᠠᠭ᠎ᠠ ᠳᠤᠮᠤᠵᠤ
ᠳᠠᠯ᠎ᠠ ᠶᠢᠨ ᠳᠠᠢ᠌ᠪᠠᠩ
ᠦᠣᠷ ᠢ ᠠᠵᠢᠪᠠᠯ
ᠬᠤᠯᠠ ᠶᠢᠨ ᠳᠠᠪᠢᠯᠠᠩ
ᠨᠣᠢ᠌ᠷ ᠡᠴᠠ ᠰᠠᠷᠢᠨ᠎ᠠ᠃
ᠵᠤᠬᠢᠶᠠᠭᠴᠢ ᠶᠢᠨ ᠬᠠᠶᠢᠭ᠄ ᠰᠢᠠᠵᠢᠶᠠᠩ ᠬᠤᠪᠣᠭᠰᠠᠢ᠌ᠷᠢ ᠳᠡᠪᠠᠭᠡᠡᠤᠰᠤᠨ
ᠵᠤᠬᠢᠶᠠᠭᠴᠢ᠄ ᠳᠤᠷᠵᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 11960
ᠴᠠᠭ᠄ 2010 ᠤᠨ ᠤ 07 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ