☆ ᠰᠤᠷᠴᠢᠨ
ᠠᠩᠬᠠᠨ ᠤ ᠪᠣᠷᠤᠭᠠᠨ
ᠠᠩᠬᠠᠨ ᠤ ᠵᠥᠭᠡᠯᠡᠨ ᠪᠣᠷᠤᠭᠠᠨ
ᠪᠠᠷᠠᠭᠠᠨ ᠰᠦᠨᠢ ᠶᠢᠨ ᠡᠩᠭᠡᠷ
ᠣᠳᠤᠳ ᠶᠢᠡᠨ ᠬᠠᠷᠠᠮᠨᠠᠭᠠᠤᠨ ᠬᠤᠷᠮᠣᠢ᠌ᠯᠠᠨᠠ
ᠪᠠᠬᠠᠷᠤᠮ᠎ᠠ ᠳᠤᠯᠭᠢᠶᠠᠠᠳᠤ ᠳᠠᠯ᠎ᠠ
ᠵᠡᠭᠦᠳᠤ ᠪᠠᠨ ᠥᠭᠦᠭᠡᠷᠳᠦᠭᠡᠳ ᠳᠠᠮᠰᠢᠶᠠᠯᠠᠨᠠ
ᠪᠣᠯᠵᠤᠮᠤᠷ ᠤᠨ ᠱᠤᠯᠤᠭᠠᠨᠠᠭᠠᠨ ᠰᠢᠭ
ᠣᠯᠢᠶᠠᠰᠤᠨ ᠤ ᠰᠠᠯᠠᠭ᠎ᠠ ᠪᠠᠷ ᠦᠰᠦᠷᠭᠢᠯᠠᠨᠡ
ᠪᠣᠷᠤ ᠰᠢᠯᠪᠢᠭᠦᠷ ᠤᠨ ᠰᠢᠪᠰᠢᠷᠭᠡᠨ ᠰᠢᠭ᠌
ᠣᠷᠳᠤ ᠬᠠᠰᠢᠶᠠᠨ ᠤ ᠡᠪᠦᠷ ᠶᠢᠡᠷ ᠳᠠᠴᠢᠭᠢᠨᠠᠨᠠ
ᠠᠳᠤᠭᠤᠳ ᠤᠨ ᠳᠦᠪᠠᠷᠭᠡᠨ ᠰᠢᠭ᠌
ᠠᠷᠤ ᠶᠢᠨ ᠵᠠᠮ ᠶᠢᠡᠷ ᠳᠦᠷᠴᠢᠭᠢᠨᠠᠨᠡ
ᠠᠶᠠᠯᠭᠤ ᠰᠠᠢ᠌ᠬᠠᠨ ᠬᠤᠭᠤᠷ ᠰᠢᠭ
ᠠᠶᠠᠳᠠᠢ ᠰᠡᠳᠭᠢᠯ ᠳᠤ ᠭᠦᠷᠴᠢᠭᠢᠨᠡᠨᠡ
ᠳᠦᠷᠭᠦᠮ ᠶᠢᠡᠨ ᠰᠠᠨᠠᠭᠰᠠᠨ ᠭᠡᠦᠭᠡᠨ ᠰᠢᠭ᠌
ᠱᠤᠷᠴᠢᠭᠢᠨᠠᠨ ᠡᠪᠭᠡᠷᠡᠨ ᠣᠭᠢᠯᠠᠨ᠎ᠠ
ᠳᠦᠷᠦᠭᠦᠴᠢ ᠶᠢᠨ ᠭᠠᠯᠠᠭᠤᠨ ᠤ ᠳᠤᠩᠭ᠋ᠤᠳᠤᠭᠠᠨ ᠰᠢᠭ
ᠱᠠᠷᠴᠢᠭᠢᠨᠠᠨ ᠡᠪᠭᠡᠷᠡᠨ ᠰᠢᠪᠠᠨᠠᠨ᠎ᠡ
ᠬᠠᠢ᠌ᠯᠠᠰᠤᠨ ᠤ ᠨᠤᠭᠤᠭᠠᠨ ᠨᠠᠪᠴᠢ ᠰᠢᠭ
ᠭᠡᠢ᠌ᠰᠴᠤ ᠭᠠᠩᠬᠤᠨ ᠱᠤᠤᠭᠢᠨ᠎ᠡ
ᠬᠠᠰᠢᠶᠠᠨ ᠤ ᠨᠤᠭᠤᠭᠠᠨ ᠤ ᠰᠡᠷᠪᠠᠯᠵᠡᠭᠡᠨ ᠰᠢᠭ᠌
ᠭᠡᠭᠡᠷ᠎ᠡ ᠶᠢᠨ ᠰᠠᠯᠭᠢᠨ ᠢᠰᠭᠡᠷᠤᠨᠡ ᠁
ᠵᠢᠮᠢᠰ ᠤᠨ ᠮᠤᠳᠤ ᠣᠰᠤᠯᠠᠶ᠎ᠠ
ᠭᠡᠦᠭᠡᠨ ᠬᠠᠪᠣᠷ ᠤᠨ ᠰᠠᠯᠭᠢᠨ
ᠭᠦᠳᠡᠩ ᠶᠢᠡᠨ ᠢᠷᠠᠭᠠᠤᠨ ᠴᠠᠢ᠌ᠯᠵᠠᠨ᠎ᠠ
ᠭᠡᠭᠡᠷ᠎ᠡ ᠶᠢᠨ ᠴᠠᠭᠠᠨ ᠡᠪᠠᠰᠤ
ᠳᠡᠭ᠍ᠷᠢ ᠪᠠᠨ ᠬᠠᠷᠠᠭᠠᠤᠨ ᠳᠦᠳᠡᠭᠡᠯᠵᠡᠨ᠎ᠡ
ᠵᠢᠮᠢᠰ ᠤᠨ ᠮᠤᠳᠤ ᠣᠰᠤᠯᠠᠶ᠎ᠠ
ᠵᠢᠷᠭᠠᠯ ᠤᠨ ᠣᠬᠠᠭᠠᠨ ᠣᠷᠭᠤᠭᠤᠯᠤᠶ᠎ᠠ
ᠣᠷᠢᠬᠠᠨ ᠬᠠᠪᠣᠷ ᠤᠨ ᠮᠤᠳᠤᠨ
ᠣᠶᠠᠷᠠᠯ ᠨᠢ ᠨᠣᠢ᠌ᠳᠠᠨ ᠭᠡᠰᠦᠨ᠎ᠡ
ᠤᠨᠵᠢᠭᠢᠷ ᠪᠣᠷᠤ ᠨᠠᠮᠠᠭᠠᠤᠨ
ᠣᠷᠢᠳᠤ ᠪᠠᠨ ᠵᠡᠭᠦᠳᠦᠯᠦᠭᠡᠳ ᠰᠠᠵᠢᠯᠠᠨ᠎ᠠ
ᠵᠢᠮᠢᠰ ᠤᠨ ᠮᠤᠳᠤ ᠣᠰᠤᠯᠠᠶ᠎ᠠ
ᠵᠢᠷᠭᠠᠯ ᠤᠨ ᠣᠬᠠᠭᠠᠨ ᠣᠷᠭᠤᠭᠤᠯᠤᠶ᠎ᠠ
ᠣᠶᠠᠬᠠᠨ ᠬᠠᠪᠣᠷ ᠤᠨ ᠰᠠᠯᠭᠢᠨ
ᠮᠤᠳᠤᠳ ᠤᠨ ᠮᠦᠴᠢᠷ ᠲᠤ ᠣᠶᠠᠰᠤᠨᠠ
ᠰᠤᠶᠤᠭ᠎ᠠ ᠨᠠᠭᠢᠶ᠎ᠠ ᠶᠢᠨ ᠭᠦᠰᠡᠭᠡᠨ
ᠮᠤᠷᠴᠢᠭᠠᠨᠠᠨ ᠨᠢᠳᠦᠯᠡᠭᠦ ᠵᠢ ᠬᠠᠷᠠᠨ᠎ᠠ
ᠵᠢᠮᠢᠰ ᠤᠨ ᠮᠤᠳᠤ ᠣᠰᠤᠯᠠᠶ᠎ᠠ
ᠵᠢᠷᠭᠠᠯ ᠤᠨ ᠣᠬᠠᠭᠠᠨ ᠣᠷᠭᠤᠭᠤᠯᠤᠶ᠎ᠠ ᠁
ᠵᠤᠬᠢᠶᠠᠭᠴᠢ ᠶᠢᠨ ᠬᠠᠶᠢᠭ ᠄ ᠭᠢᠩᠭ᠋ᠠᠨ ᠤ ᠲᠦᠰᠢᠶᠠᠳᠤ
ᠵᠤᠬᠢᠶᠠᠭᠴᠢ᠄ ᠰᠤᠷᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2641
ᠴᠠᠭ᠄ 2012 ᠤᠨ ᠤ 03 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ