ᠨᠡᠪᠲᠡᠷᠡᠨ ᠤᠷᠤᠬᠤ
ᠠᠷᠠᠤᠨ ᠤᠨ ᠳᠠᠭᠤᠤ

ᠭᠦᠩᠭᠢᠨᠡᠮ᠎ᠡ ᠢᠷᠠᠭᠤ ᠡᠭᠡᠰᠢᠭ᠌

ᠭᠦᠭᠡ ᠳᠡᠭ᠍ᠷᠢ ᠳᠤ ᠴᠤᠤᠷᠢᠶᠠᠳᠤᠬᠤᠢ

ᠭᠦᠭ᠍ᠰᠡᠭ᠍ᠰᠡᠨ ᠰᠡᠳᠭᠢᠯ

ᠭᠦᠮᠤᠨ ᠮᠦᠰᠤ ᠪᠠᠷ ᠰᠤᠭᠳᠤᠭᠤᠷᠠᠬᠤᠢ

ᠣᠶᠠᠩᠭ᠋ᠠᠯᠠᠨ ᠣᠶᠠᠩᠭ᠋ᠠᠯᠠᠨ ᠳᠠᠭᠤᠯᠠᠬᠤ ᠳᠤ

ᠣᠷᠮ᠎ᠠ ᠵᠤᠷᠢᠭ ᠭᠦᠭ᠍ᠵᠢᠭᠦᠢ

ᠣᠴᠢᠷᠯᠠᠨ ᠣᠴᠢᠷᠯᠠᠨ ᠰᠡᠳᠭᠢᠭᠦ ᠳᠤ

ᠣᠬᠠᠭᠠᠨ ᠪᠣᠳᠤᠯ ᠰᠠᠷᠠᠭᠤᠯᠵᠢᠬᠤᠢ

ᠬᠠᠩᠭᠢᠨᠠᠭᠤᠯᠤᠨ ᠬᠠᠩᠭᠢᠨᠠᠭᠤᠯᠤᠨ ᠳᠠᠭᠤᠯᠠᠬᠤ ᠳᠤ

ᠬᠤᠷᠸ᠎ᠠ ᠳᠡᠯᠡᠭᠡᠢ ᠬᠤᠳᠤᠯᠵᠠᠬᠤᠢ

ᠬᠤᠪᠢᠷᠠᠭᠤᠯᠤᠨ ᠬᠤᠪᠢᠷᠠᠭᠤᠯᠤᠨ ᠣᠶᠠᠩᠭ᠋ᠠᠷᠠᠬᠤ ᠳᠤ

ᠬᠠᠭᠤᠴᠢᠨ ᠨᠠᠮᠪᠠ ᠪᠠᠯᠠᠷᠠᠬᠤᠢ


       ᠢᠷᠠᠭᠤ ᠨᠠᠢ᠌ᠷᠠᠭ


ᠦᠷᠤᠴᠠᠨ ᠳᠤ ᠪᠠᠨ ᠳᠡᠯᠡᠭᠡᠢ ᠪᠠᠭᠳᠠᠭᠠᠵᠤ

ᠢᠷᠠᠭᠤ ᠨᠠᠢ᠌ᠷᠠᠭ

ᠡᠷᠡᠯᠭᠡᠭ᠌ ᠪᠦᠷᠭᠦᠤᠨ ᠰᠢᠭ᠌ ᠬᠠᠯᠢᠨ᠎ᠠ

ᠦᠨᠡᠨ ᠥᠭᠡ ᠪᠠᠨ ᠦᠴᠢᠭ᠍ᠰᠡᠭᠡᠷ

ᠢᠷᠠᠭᠤ ᠨᠠᠢ᠌ᠷᠠᠭ

ᠢᠮᠠᠭ᠎ᠠ ᠰᠢᠭ ᠭᠢᠮᠳᠠᠷᠠᠨ᠎ᠠ

ᠬᠠᠶᠠ ᠨᠢᠭᠡ ᠰᠢᠯᠦᠭ᠌ ᠭᠡᠮᠡᠵᠤ ᠪᠢᠴᠢᠭᠦᠯᠡᠷ

ᠴᠢ ᠨᠠᠮ᠎ᠠ ᠶᠢ

ᠰᠠᠷᠠᠨ ᠳᠤ ᠬᠤᠴᠠᠭᠰᠠᠨ ᠨᠤᠬᠠᠢ ᠰᠢᠭ ᠢᠯᠡᠭᠦᠴᠢᠯᠡᠨ᠎ᠡ

ᠣᠠᠴᠠ ᠵᠠᠷᠢᠮ ᠳᠤ ᠪᠠᠨ

ᠮᠤᠩᠭ᠋ᠤᠯ ᠨᠤᠮ ᠱᠭᠠᠢ᠌ᠬᠤᠯᠠᠷ

ᠮᠢᠨᠤ ᠨᠢᠳᠤᠨ ᠳᠤ ᠴᠢ

ᠪᠣᠷᠬᠠᠨ ᠭᠡᠮᠡᠷ ᠯᠠ ᠬᠠᠷᠠᠭᠳᠠᠨ᠎ᠠ


ᠵᠤᠬᠢᠶᠠᠭᠴᠢ ᠶᠢᠨ ᠬᠠ‍‌ᠶᠢᠭ ᠄ ᠲᠦᠰᠢᠶᠠᠳᠤ ᠬᠤᠰᠢᠭᠤᠨ ᠤ ᠭᠦᠡᠳᠡᠯᠡᠨ ᠰᠤᠷᠭᠠᠭᠤᠯᠢ

ᠵᠤᠬᠢᠶᠠᠭᠴᠢ᠄ ᠡ᠊·ᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2629
ᠴᠠᠭ᠄ 2011 ᠤᠨ ᠤ 04 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ