ᠨᠡᠪᠲᠡᠷᠡᠨ ᠤᠷᠤᠬᠤ
ᠪᠣᠯᠪᠠ ᠭᠡᠮᠡᠭᠦ ᠰᠤᠯᠠ ᠰᠢᠯᠦᠭᠯᠡᠯ
᠊᠊᠊᠊᠊᠊᠊᠊᠊᠊᠊᠊᠊᠊᠊ ᠨᠡᠢ᠌ᠭᠡᠮ ᠠᠬᠤᠢ ᠶᠢᠨ ᠬᠤᠪᠢᠰᠤᠯ ᠳ᠋ᠤ

        

ᠣᠯᠠᠨ ᠪᠣᠯᠠᠭ ᠴᠥᠭᠡᠨ ᠪᠣᠯᠠᠭ ᠪᠣᠯᠪᠠ᠂

ᠣᠩᠭ᠋ᠤᠨ ᠬᠠᠢ᠌ᠷᠬᠠᠨ ᠣᠩᠭ᠋ᠤᠷᠬᠠᠢ ᠬᠠᠢ᠌ᠷᠬᠠᠨ ᠪᠣᠯᠪᠠ᠃


ᠮᠤᠩᠭ᠋ᠤᠯ ᠭᠡᠯᠡ ᠮᠤᠳᠤᠨ ᠭᠡᠯᠡ ᠪᠣᠯᠪᠠ᠂

ᠮᠤᠷᠢᠳᠠᠨ ᠣᠭᠰᠠᠭᠠᠳᠠᠨ ᠮᠤᠲ᠋ᠤᠷᠴᠢᠨ ᠣᠭᠰᠠᠭᠠᠳᠠᠨ ᠪᠣᠯᠪᠠ᠃


ᠭᠦᠭ᠍ᠵᠢᠶᠡᠡᠳᠤ ᠰᠢᠯᠢ ᠳᠠᠪᠵᠢᠶᠠᠠᠳᠤ ᠰᠢᠯᠢ ᠪᠣᠯᠪᠠ᠂

ᠭᠦᠳᠦᠰᠤᠨ ᠳᠠᠪᠠᠯᠳᠠᠤᠨ ᠭᠦᠷᠮ᠎ᠡ ᠦᠮᠦᠳᠦᠳᠠᠤᠨ ᠪᠣᠯᠪᠠ᠃


ᠨᠤᠭᠤᠭᠠᠨ ᠳᠠᠯ᠎ᠠ ᠰᠢᠷ᠎ᠠ ᠳᠠᠯ᠎ᠠ ᠪᠣᠯᠪᠠ᠂

ᠨᠤᠮᠢᠨ ᠪᠦᠷᠢᠳᠤ ᠨᠤᠤᠷᠠᠬᠠᠢ ᠪᠦᠷᠢᠳᠤ ᠪᠣᠯᠪᠠ᠃


ᠪᠠᠶᠠᠨ ᠮᠠᠩᠬ᠎ᠠ ᠶᠠᠳᠠᠭᠤ ᠮᠠᠩᠬ᠎ᠠ ᠪᠣᠯᠪᠠ᠂

《ᠪᠠᠶᠠᠵᠢᠯ》 ᠊ᠤᠨ ᠵᠠᠮ ᠥᠭᠡᠢ᠌ᠷᠡᠯ ᠤᠨ ᠵᠠᠮ ᠪᠣᠯᠪᠠ᠃


ᠣᠷᠢᠳᠤ ᠶᠢᠨ ᠳᠠᠭᠤᠤ ᠪᠣᠭᠤᠨᠢ ᠳᠠᠭᠤᠤ ᠪᠣᠯᠪᠠ᠂

ᠤᠶᠠᠩ‍ᠭ᠎ᠠ ᠶᠢᠨ ᠡᠭᠡᠰᠢᠭ᠌ ᠣᠢ᠌ᠤᠠᠬᠠᠷᠠᠯ ᠤᠨ ᠡᠭᠡᠰᠢᠭ᠌ ᠪᠣᠯᠪᠠ᠃


ᠳᠠᠯ᠎ᠠ ᠶᠢᠨ ᠰᠦᠷᠦᠭ᠌ ᠬᠠᠰᠢᠶᠠᠨ ᠤ ᠰᠦᠷᠦᠭ᠌ ᠪᠣᠯᠪᠠ᠂

ᠳᠠᠷᠭᠤᠨ ᠭᠡᠭᠡᠷ ᠡᠴᠡᠩᠭᠢ ᠭᠡᠭᠡᠷ ᠪᠣᠯᠪᠠ᠃


ᠳᠠᠭᠠᠨ᠎ᠠ ᠮᠠᠩᠭᠢᠷ ᠳᠠᠷᠢᠶᠠᠨ ᠤ ᠴᠢᠭᠢ ᠪᠣᠯᠪᠠ᠃

ᠳᠠᠷᠠᠭ ᠠᠢ᠌ᠷᠠᠭ ᠰᠤᠳᠤᠯᠭᠠᠨ ᠤ ᠴᠡᠭ᠌ ᠪᠣᠯᠪᠠ᠃


ᠠᠳᠤᠭᠤᠴᠢᠨ ᠠᠪᠣ ᠠᠭᠤᠷᠬᠠᠢ᠌ᠴᠢᠨ ᠠᠪᠣ ᠪᠣᠯᠪᠠ᠂

ᠠᠷᠴᠢᠭᠤᠷᠴᠢᠨ ᠠᠬ᠎ᠠ 《ᠣᠷᠭᠠᠴᠢᠨ》  ᠠᠬ᠎ᠠ ᠪᠣᠯᠪᠠ᠃


ᠴᠠᠭᠠᠨ ᠨᠠᠭᠤᠷ ᠬᠠᠷ᠎ᠠ ᠨᠠᠭᠤᠷ ᠪᠣᠯᠪᠠ᠂

ᠴᠠᠭ ᠤᠨ ᠰᠢᠪᠠᠭᠤ ᠳᠡᠦᠭᠡ ᠶᠢᠨ ᠰᠢᠪᠠᠭᠤ ᠪᠣᠯᠪᠠ ᠁   


ᠪᠣᠯᠪᠠ᠂ ᠪᠣᠯᠪᠠ᠂ ᠪᠣᠯᠪᠠ ᠁   

ᠶᠠᠭᠤᠮ᠎ᠠ ᠪᠣᠯᠭᠠᠨ ᠥᠭᠡᠷ᠎ᠡ ᠪᠣᠯᠪᠠ᠃

ᠶᠠᠮᠠᠯᠳᠠᠩ ᠪᠣᠷᠬᠠᠨ ᠤ ᠳᠦᠷᠢ ᠯᠠ

ᠶᠠᠩᠵᠤ ᠨᠢ ᠬᠤᠪᠢᠷᠠᠭᠰᠠᠨ ᠦᠭᠡᠶ ᠪᠠᠢ᠌ᠭᠰᠠᠭᠠᠷ ᠁


          2011.01.05 ᠊ᠤ ᠦᠳᠡᠰᠢ᠃

    


ᠵᠤᠬᠢᠶᠠᠭᠴᠢ ᠶᠢᠨ ᠬᠠ‍‌ᠶᠢᠭ ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠠᠭᠠᠭᠤᠯᠢ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2644
ᠴᠠᠭ᠄ 2011 ᠤᠨ ᠤ 02 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ