ᠨᠡᠪᠲᠡᠷᠡᠨ ᠤᠷᠤᠬᠤ
ᠪᠠᠷᠭᠡ ᠶᠢᠨ ᠭᠦᠨ ᠳᠤ ᠳᠠᠭᠤᠤ ᠲᠡᠶ ᠶᠠᠪᠣᠬᠤ ᠰᠠᠢ᠌ᠬᠠᠨ

ᠥᠭ᠍ᠰᠤᠨ ᠣᠷᠤᠭᠤᠳᠠᠬᠤ ᠪᠣᠷᠤ ᠵᠠᠮ

ᠥᠭᠡᠭᠦᠨ ᠴᠠᠭᠠᠨ ᠮᠠᠩᠬ᠎ᠠ ᠵᠢᠯᠠᠭᠠᠤᠨ

ᠦᠨᠢᠷ ᠦᠣᠡᠭᠡᠨ ᠪᠣᠷᠭᠠᠰᠤ ᠰᠢᠪᠠᠭ

ᠥᠰᠭᠦ ᠨᠠᠰᠤᠨ ᠤ ᠳᠤᠷᠠᠰᠤᠯ ᠪᠣᠶᠤ

ᠠᠢ ᠳ᠋ᠠ᠂ ᠠᠳᠠᠷ ᠭᠦᠨ ᠪᠠᠷᠭᠡ ᠮᠢᠨᠢ

ᠵᠥᠯᠭᠡᠨ ᠤ ᠴᠢᠨᠢ ᠨᠠᠮᠠᠭ᠎ᠠ ᠶᠢ ᠬᠠᠵᠠᠯᠭᠢᠯᠠᠨ

ᠵᠥᠭᠡᠢ ᠶᠢᠨ ᠥᠩᠭᠢᠨᠡᠭᠡ ᠶᠢ ᠴᠢᠨᠢ ᠴᠢᠩᠨᠠᠨ

ᠵᠥᠩᠳᠡᠭᠡᠨ ᠨᠢᠭᠡ ᠳᠠᠭᠤᠤ ᠠᠶᠠᠯᠠᠬᠤ ᠰᠠᠨ ᠭᠡᠵᠤ

ᠵᠥᠰᠡᠷᠡᠭᠦ ᠰᠡᠳᠭᠢᠯ ᠰᠢᠪᠠᠨᠡᠭᠡᠳ ᠪᠠᠢ᠌ᠬᠤ ᠶᠤᠮ ᠡ︕


ᠠᠯᠳᠠᠨ ᠳᠡᠯᠡᠭᠡᠢ ᠳᠤ ᠳᠦᠷᠦᠭᠦᠯᠡᠷ

ᠠᠯᠠᠭᠠᠨ ᠳᠠᠭᠠᠨ ᠳᠤᠰᠤᠭᠰᠠᠨ ᠪᠠᠷᠭᠡ ᠮᠢᠨᠢ

ᠠᠩᠬ᠎ᠠ ᠡᠭᠢᠯᠡᠵᠤ ᠠᠶᠠᠯᠠᠭᠤ ᠭᠢᠩᠰᠢᠭᠦ ᠳᠤ

ᠠᠳᠠᠷ ᠤᠨ ᠨᠠᠮᠵᠢᠭᠤᠨ ᠰᠠᠯᠭᠢ ᠪᠠᠷ ᠶᠢᠡᠨ

ᠠᠶᠠᠷ ᠠᠶᠠᠷ ᠢᠯᠪᠢᠯᠭᠢᠯᠠᠨ

ᠠᠮᠠᠰᠠᠷ ᠤᠨ ᠨᠤᠭᠤᠭᠠᠨ ᠭᠦᠡᠳᠡᠢ ᠪᠠᠷ ᠶᠢᠡᠨ

ᠠᠶᠠᠰ ᠬᠠᠮᠵᠢᠨ ᠴᠤᠤᠷᠠᠢ᠌ᠯᠠᠭᠰᠠᠨ

ᠠᠢ ᠳ᠋ᠠ᠂ ᠮᠢᠨᠤ ᠰᠠᠢ᠌ᠬᠠᠨ ᠪᠠᠷᠭᠡ ᠮᠢᠨᠢ ᠡ᠃

ᠠᠶᠠᠰ ᠰᠤᠯᠤᠭᠠᠢ ᠪᠠᠢ᠌ᠭᠰᠠᠨ ᠴᠤ

ᠠᠳᠠᠷ ᠤᠨ ᠴᠢᠨᠡᠭᠡ ᠪᠠᠷ ᠳᠠᠭᠤᠯᠠᠬᠤ ᠳᠤ ᠮᠢᠨᠢ

ᠡᠷᠡᠮ᠎ᠡ ᠰᠢᠷᠠᠯᠵᠢ ᠨᠠᠭᠢᠯᠤᠨ ᠪᠦᠵᠢᠵᠤ

ᠡᠷᠳᠡᠨᠢ ᠰᠢᠰᠢ ᠴᠤ ᠵᠠᠯᠠᠭ᠎ᠠ ᠪᠠᠷ ᠪᠦᠭᠡᠯᠵᠢᠨ

ᠡᠪᠠᠰᠤ ᠣᠷᠭᠤᠮᠠᠯ ᠭᠦᠷᠳᠡᠯ᠎ᠡ ᠰᠢᠭᠦᠳᠡᠷᠢ ᠪᠠᠷ ᠮᠡᠭ᠍ᠰᠢᠨ᠎ᠡ᠃


ᠲ᠋ᠠᠭᠤᠴᠢᠨ ᠭᠦᠮᠤᠨ ᠯᠠ ᠳᠠᠭᠤᠯᠠᠳᠠᠭ ᠦᠭᠡᠶ

ᠠᠰᠤᠷᠤ ᠣᠯᠠᠨ ᠳᠠᠭᠤᠤ ᠪᠠᠢ᠌ᠳᠠᠭ ᠡ

ᠳᠠᠭᠤᠯᠠᠵᠤ ᠶᠠᠭ ᠭᠠᠷᠬᠤ ᠥᠭᠡᠢ ᠪᠦᠯ

ᠠᠶᠠᠷᠬᠠᠨ ᠭᠢᠩᠰᠢᠭ᠍ᠰᠡᠨ ᠴᠤ ᠶᠠᠭᠠᠭᠢᠬᠤ ᠪᠣᠢ᠃

ᠨᠠᠯᠠᠭᠠᠷ ᠰᠠᠢ᠌ᠬᠠᠨ ᠭᠦᠳᠡᠭᠡ ᠳᠡᠭᠡᠨ

ᠨᠠᠰᠤᠳᠠ ᠵᠢᠷᠭᠠᠬᠤ ᠪᠠᠷᠭᠡ ᠳᠡᠭᠡᠨ

ᠦᠪᠡᠷ ᠤᠨ ᠳᠠᠭᠤᠯᠠᠳᠠᠭ ᠳᠠᠭᠤᠤ ᠪᠠᠨ

ᠥᠪᠠᠷᠳᠡᠭᠡᠨ ᠯᠠ ᠰᠤᠨᠤᠰᠤᠭᠰᠠᠨ ᠴᠤ ᠶᠠᠭᠠᠭᠢᠬᠤ ᠪᠣᠢ ︕

ᠦᠰᠴᠦ ᠳᠦᠷᠦᠭ᠍ᠰᠡᠨ ᠨᠤᠳᠤᠭ ᠬᠣᠢ᠌ᠨ᠎ᠠ

ᠥᠭᠡᠷᠡᠯᠭᠡᠵᠤ ᠰᠠᠨᠠᠬᠤ ᠶᠠᠭᠤ ᠪᠠᠢ᠌ᠨ᠎ᠠ ︕


ᠡᠯᠡᠰᠤ ᠪᠠᠷ ᠶᠢᠡᠨ ᠨᠠᠮᠢ᠋ᠢ ᠬᠤᠷᠮᠣᠢ᠌ᠯᠠᠵᠤ

ᠡᠷᠭᠢᠨ ᠳᠡᠭᠡᠨ ᠨᠠᠮᠢ᠋ᠢ ᠬᠤᠷᠭᠤᠳᠤᠭᠤᠯᠤᠭᠰᠠᠨ  

ᠡᠷᠭᠡ ᠳᠠᠷᠬᠠᠨ ᠨᠤᠳᠤᠭ ᠮᠢᠨᠤ ᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊

ᠨᠤᠲ᠋ᠯᠠᠵᠤ ᠴᠢᠳᠠᠬᠤ ᠦᠭᠡᠶ ᠳᠠᠭᠤᠤ ᠪᠢᠯᠠ

ᠨᠤᠭᠤᠯᠵᠤ ᠳᠡᠢ᠌ᠯᠭᠦ ᠦᠭᠡᠶ ᠠᠶᠠᠯᠭᠤ ᠯᠠ ᠪᠢᠯᠠ᠃


ᠣᠨᠠᠭᠠᠨ ᠪᠠᠭ᠎ᠠ ᠡᠴᠡ ᠪᠠᠨ ᠰᠤᠷᠤᠭᠰᠠᠨ ᠵᠠᠩ

ᠣᠨ ᠵᠢᠯ ᠤᠨ ᠴᠠᠭᠠᠨ᠎ᠠ ᠪᠣᠯᠠᠭᠳᠠᠳᠠᠭ ᠦᠭᠡᠶ

ᠪᠠᠯᠠᠷ ᠤᠨ ᠭᠦᠨ ᠳᠤ ᠭᠠᠭᠴᠠᠭᠠᠷ ᠠᠶᠠᠯᠠᠯ᠎ᠠ ᠴᠤ

ᠪᠠᠶᠠᠷ ᠪᠠᠶᠠᠰᠤᠯ ᠲᠡᠶ ᠳᠠᠭᠤᠤ ᠪᠠᠨ ᠯᠠ ᠭᠢᠩᠰᠢᠳᠡᠭ᠌

ᠭᠢᠩᠰᠢᠵᠤ ᠵᠠᠩᠰᠢᠭᠰᠠᠨ ᠳᠠᠭᠤᠤ ᠶᠢᠨ ᠮᠢᠨᠢ ᠠᠶ᠎ᠠ

ᠭᠡᠭᠡᠷ᠎ᠡ ᠶᠢᠨ ᠰᠠᠯᠭᠢᠨ ᠤ ᠵᠥᠭᠡᠯᠡᠨ ᠨᠠᠮᠢᠷᠠᠭᠠᠨ ᠳᠤ

ᠭᠦᠭ᠌ ᠪᠦᠷᠢ ᠨᠢ ᠣᠶᠠᠩᠭ᠋ᠠᠷᠠᠨ ᠭᠦᠭᠯᠡᠷᠡᠭᠡᠳ

ᠭᠦᠰᠡᠯ ᠬᠠᠢ᠌ᠷ᠎ᠠ ᠶᠢᠨ ᠴᠢᠪᠬᠠᠳᠠᠰᠤ ᠪᠣᠯᠳᠠᠭ ᠡ ︕


ᠬᠠᠶᠠ ᠪᠠᠢ᠌ᠨ ᠰᠠᠨᠠᠬᠤᠯᠠᠷ

ᠬᠠᠢ᠌ᠷ᠎ᠠ ᠲᠡᠶ ᠳᠡᠯᠡᠭᠡᠢ ᠮᠢᠨᠢ ᠳᠠᠭᠤᠤ ᠲᠡᠶ ᠰᠠᠢ᠌ᠬᠠᠨ

ᠬᠠᠨᠢᠰᠴᠤ ᠶᠠᠪᠣᠬᠤ ᠳᠤᠷᠭᠠᠨ ᠵᠠᠶᠠᠭᠠᠨ ᠳᠤ

ᠬᠠᠩᠭᠢᠨᠠᠬᠤ ᠠᠶᠠᠰ ᠢ ᠨᠢ ᠴᠢᠩᠨᠠᠬᠤ ᠴᠤ ᠰᠠᠢ᠌ᠬᠠᠨ ︕


ᠵᠤᠬᠢᠶᠠᠭᠴᠢ ᠶᠢᠨ ᠬᠠ‍‌ᠶᠢᠭ ᠄ ᠨᠢ᠋ᠮᠠᠨ ᠬᠤᠰᠢᠭᠤᠨ ᠤ ᠣᠰᠤᠨ ᠤ ᠶᠠᠪᠣᠳᠠᠯ ᠤᠨ ᠳᠤᠪᠴᠢᠶ᠎ᠠ

ᠵᠤᠬᠢᠶᠠᠭᠴᠢ᠄ ᠰ·ᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2636
ᠴᠠᠭ᠄ 2011 ᠤᠨ ᠤ 01 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ