☆ ᠪᠣᠯᠤᠷᠮ᠎ᠠ
ᠦᠨᠡᠨ ᠬᠠᠢ᠌ᠷ᠎ᠠ
ᠭᠠᠷᠤᠭᠠᠤᠨ ᠶᠠᠪᠣᠪᠠᠯ ᠠᠷᠤ ᠡᠴᠡ ᠣᠳᠠᠰᠤᠳᠠᠭᠠᠤᠨ ᠪᠠᠢ᠌ᠬᠤ ᠶᠤᠮ
ᠭᠠᠯᠵᠠᠭᠤ ᠬᠤᠷᠢᠨ ᠳᠠᠪᠣ ᠳᠠᠭᠠᠨ ᠪᠠᠢ᠌ᠬᠤ ᠴᠤ ᠪᠢᠰᠢ᠂ ᠨᠡᠭᠡᠯ ᠪᠣᠯᠤᠭᠠᠤᠨ ᠪᠠᠢ᠌ᠳᠠᠭ ᠨᠢ
ᠳᠠᠷ ᠶᠢᠡᠨ ᠪᠠᠷᠠᠵᠤ ᠭᠠᠯ ᠶᠢᠡᠨ ᠪᠠᠷᠠᠭᠰᠠᠨ ᠡᠪᠦᠭᠡᠨ ᠢ ᠴᠢᠨᠢ
ᠳᠠᠨ ᠡᠴᠡ ᠥᠭᠡᠷ᠎ᠡ ᠭᠡᠨ ᠨᠢ ᠬᠠᠷᠠᠭᠠᠤᠨ ᠪᠠᠢ᠌ᠬᠤ ᠪᠣᠢ
ᠶᠤᠤ ᠳ᠋ᠠ᠂ ᠶᠠᠪᠣᠬᠤ ᠭᠠᠵᠠᠷ ᠪᠠᠢ᠌ᠪᠠᠯ ᠶᠠᠪᠣᠨ᠎ᠠ ᠯᠠ ᠪᠠ ᠳ᠋ᠠ
ᠶᠠᠮᠠᠷ ᠲᠠᠭᠠᠨ ᠪᠢ ᠴᠢᠮ᠎ᠠ ᠶᠢ ᠠᠯᠳᠠᠴᠢᠬᠠᠬᠤ ᠡᠴᠡ ᠠᠶᠤᠵᠤ ᠪᠠᠢ᠌ᠬᠤ ᠪᠢᠰᠢ
ᠬᠠᠷᠢᠨ ᠦᠨᠦ ᠳᠤᠭᠰᠢᠨ ᠬᠠᠷ᠎ᠠ ᠪᠠᠨ ᠭᠡᠳᠦᠷᠡᠳᠡᠯ᠎ᠡ ᠳᠠᠳᠠᠴᠢᠬᠠᠭᠠᠤᠨ
ᠬᠠᠷᠢᠵᠤ ᠢᠷᠡᠭᠡᠳ ᠪᠠᠶ᠎ᠠ ᠴᠢᠨᠢ ᠵᠤᠪᠠᠬᠤ᠂ ᠭᠡᠯᠳᠦᠰᠭᠢᠪᠠᠯ ᠡᠷᠯᠢᠭ᠌ ᠲᠤ ᠮᠤᠷᠳᠠᠴᠢᠬᠠᠬᠤ ᠡᠴᠡ ᠴᠢᠨᠢ ᠠᠶᠤᠵᠤ ᠪᠠᠢ᠌ᠨ᠎ᠠ ᠰᠢᠤ᠃
ᠵᠤᠬᠢᠶᠠᠭᠴᠢ ᠶᠢᠨ ᠬᠠᠶᠢᠭ᠄ ᠦᠪᠣᠷ ᠮᠤᠩᠭ᠋ᠤᠯ
ᠵᠤᠬᠢᠶᠠᠭᠴᠢ᠄ ᠪᠣᠯᠤᠷᠮ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2739
ᠴᠠᠭ᠄ 2010 ᠤᠨ ᠤ 06 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ