ᠨᠡᠪᠲᠡᠷᠡᠨ ᠤᠷᠤᠬᠤ
ᠡᠵᠢ ᠮᠢᠨᠢ ᠲᠡᠷᠭᠡᠳ᠋ᠡ ᠪᠠᠢ᠌ᠬᠤ ᠳᠤ

ᠡᠳ᠋ᠦᠷ ᠰᠦ᠋ᠨᠢ ᠦᠭᠡᠶ ᠡᠷᠢ᠍ᠭ᠍ᠳ᠋ᠡᠭᠡᠳ ᠪᠠᠢ᠌ᠳ᠋ᠠᠭ ᠡᠵᠢ ᠶᠢᠨ ᠶᠢᠡᠨ ᠡᠨᠡᠷᠢ᠍ᠯ ᠬᠠᠢ᠌ᠷ᠎ᠠ ᠶᠢ ᠡᠨᠡ ᠪᠡᠶ᠎ᠠ ᠳ᠋ᠥ ᠪᠠᠢ᠌ᠳ᠋ᠤᠭᠠᠢ ᠡᠷᠬᠢᠬᠦ ᠲᠦ᠋ᠷᠦᠯ ᠳᠡᠭᠡᠨ ᠴᠦ ᠬᠠᠷᠢ᠍ᠭᠤᠯᠵᠦ ᠪᠠᠷᠠᠬᠤ ᠦᠭᠡᠶ ᠡ ᠭᠡᠵᠤ ᠪᠢ ᠦᠷᠬᠦᠯᠵᠢ ᠪᠤᠳ᠋ᠤᠳ᠋ᠠᠭ ᠪᠢᠯᠡ᠃ ᠡᠭᠡ ᠶᠢᠨ ᠬᠠᠢ᠌ᠷ᠎ᠠ ᠴᠠᠭᠯᠠᠰᠢ ᠦᠭᠡᠶ᠂ ᠬᠦᠨᠳ᠋ᠦᠴᠡ ᠪᠠ ᠲᠤᠭ᠎ᠠ ᠭᠡᠮᠵᠢ᠍ᠶ᠎ᠠ ᠶᠢ ᠨᠢ ᠶᠠᠮᠠᠷ ᠶᠡᠭᠡ ᠬᠡᠮᠵᠢ᠍ᠬᠦᠷ ᠪᠤᠶᠤ ᠤᠳ᠋ᠤᠬᠢᠴᠢ᠍ᠯᠠᠭᠰᠠᠨ ᠪᠤᠳ᠋ᠤᠭᠤᠷ ᠮᠠᠰᠢ᠍ᠨ ᠬᠢᠭᠡᠳ ᠺᠤᠮᠫᠢᠦ᠋ᠲ᠋ᠸᠷ ᠶᠢᠡᠷ ᠴᠦ ᠬᠡᠮᠵᠢ᠍ᠵᠦ ᠲᠤᠭᠠᠴᠢ᠍ᠭᠠᠳ ᠲᠠᠭᠤᠰᠬᠤ ᠦᠭᠡᠶ ᠶᠤᠮ᠃ ᠲᠡᠭᠡᠬᠦ ᠪᠠᠷ ᠨᠢ ᠬᠦᠮᠦᠰ᠂ ᠡᠭᠡ ᠬᠦᠮᠦᠨ ᠤ ᠡᠨᠡᠷᠢ᠍ᠯ ᠬᠠᠢ᠌ᠷ᠎ᠠ ᠰᠦ᠋ᠮᠪᠦᠷ ᠠᠭᠤᠯᠠ ᠡᠴᠡ ᠦᠨᠳ᠋ᠦᠷ ᠰᠦ᠋ᠨ ᠲᠠᠯᠠᠢ ᠡᠴᠡ ᠬᠦᠨ ᠭᠡᠵᠤ ᠵᠦ᠋ᠢ᠍ᠷᠯᠡᠳ᠋ᠡᠭ᠌ ᠰᠠᠨ᠃

ᠮᠢ᠍ᠨᠤ ᠡᠵᠢ ᠭᠤᠴᠢ᠍ᠭᠠᠳ ᠵᠢᠯ ᠤᠨ ᠡᠮᠦᠨ᠎ᠠ ᠲᠠᠯᠠᠨ ᠵᠢᠷᠭᠤᠭᠠᠳ᠋ᠠᠢ ᠳᠠᠭᠠᠨ ᠪᠤᠷᠬᠠᠨ ᠪᠤᠯᠤᠭᠰᠠᠨ ᠶᠤᠮ᠃ ᠡᠴᠢ᠍ᠨᠡᠨ ᠵᠢᠯ ᠤᠳ ᠲᠤ ᠪᠢ ᠡᠵᠢ ᠶᠢ ᠪᠠᠨ ᠡᠳ᠋ᠦᠷ ᠰᠦ᠋ᠨᠢ ᠦᠭᠡᠶ ᠰᠠᠨᠠᠨ ᠮᠦ᠋ᠷᠦᠭᠡᠳᠬᠦ ᠳᠡᠭᠡᠨ᠂ ᠦᠷ᠎ᠠ ᠭᠡᠦᠭᠡᠳ ᠤᠨ ᠶᠢᠡᠨ ᠲᠦ᠋ᠯᠦᠭᠡ ᠦᠪᠡᠷ ᠤᠨ ᠠᠯᠢ᠍ᠪᠠ ᠪᠠᠨ ᠦᠷᠡᠭ᠍ᠳ᠋ᠡᠬᠦᠯᠵᠦ ᠡᠨᠡᠷᠢ᠍ᠯ ᠬᠠᠢ᠌ᠷ᠎ᠠ ᠪᠠᠷ ᠶᠢᠡᠨ ᠪᠢᠴᠢᠭ᠍ᠯᠡᠭ᠍ᠰᠡᠨ ᠠᠯᠢ ᠤᠯᠠᠨ ᠦᠯᠢ᠍ᠭᠡᠷ ᠤᠳ ᠢ ᠨᠢ ᠬᠦᠭᠡ ᠰᠤᠳ᠋ᠤᠷ ᠲᠤ ᠲᠡᠮᠳ᠋ᠡᠭᠯᠡᠵᠦ ᠬᠦᠬᠡᠮᠳ᠋ᠦᠭ᠌ ᠬᠠᠳ᠋ᠠᠨ ᠲᠡᠭᠡᠷ᠎ᠠ ᠰᠡᠢ᠌ᠯᠪᠦᠷᠢ᠍ᠯᠡᠶ᠎ᠠ ᠭᠡᠵᠤ ᠪᠤᠳ᠋ᠤᠳ᠋ᠠᠭ ᠪᠠᠢ᠌ᠯ᠎ᠠ᠃

ᠲᠡᠭᠡᠷ᠎ᠠ ᠵᠠᠭᠤᠨ ᠤ ᠵᠢᠷᠠᠭᠠᠳ ᠤᠨ ᠳ᠋ᠥ ᠤᠯᠤᠰ ᠭᠡᠷ ᠭᠤᠷᠪᠠᠨ ᠵᠢᠯ ᠤᠨ ᠭᠠᠴᠢ᠍ᠭ ᠲᠤ ᠲᠤᠯᠭᠠᠷᠠᠭᠠᠳ ᠠᠷᠠᠳ ᠤᠯᠠᠨ ᠢᠳ᠋ᠡᠵᠦ ᠡᠮᠦᠰᠬᠦ ᠳᠡᠭᠡᠨ ᠭᠠᠴᠢ᠍ᠭᠳ᠋ᠠᠵᠦ ᠦᠯᠦᠰᠴᠦ ᠦᠯᠪᠡᠷᠡᠬᠦ ᠭᠡᠴᠡᠬᠦᠦ ᠵᠤᠪᠠᠯᠠᠩ ᠳ᠋ᠥ ᠤᠨᠠᠵᠦ ᠪᠢᠯᠡ᠃ ᠨᠡᠩ ᠴᠦ ᠮᠠᠨ ᠤ ᠬᠢ ᠮᠡᠳ᠋ᠦ ᠶᠢᠨ ᠠᠮᠠ ᠪᠦᠯᠢ ᠠᠷᠪᠢᠨ ᠠᠢ᠌ᠯ ᠡᠷᠳ᠋ᠡ ᠢᠳ᠋ᠡᠪᠡᠯ ᠤᠷᠤᠢ ᠦᠭᠡᠶ ᠦᠮᠦᠳ᠋ᠦ ᠭᠢᠪᠡᠯ ᠴᠠᠮᠴᠠ ᠦᠭᠡᠶ ᠠᠮᠢ᠍ᠳ᠋ᠤᠷᠠᠳ᠋ᠠᠭ᠃ ᠲᠤᠬᠠᠢ ᠶᠢᠨ ᠦᠶ᠎ᠠ ᠳ᠋ᠥ ᠤᠯᠤᠰ ᠲᠠᠶᠠᠭᠠᠷ 《ᠶᠡᠭᠡ ᠦᠰᠦᠷᠦᠩᠬᠦᠢ ᠲᠠᠪᠰᠢ᠍ᠯᠳ᠋ᠠ》 ᠪᠤᠯᠤᠨ 《ᠠᠷᠠᠳ ᠤᠨ ᠨᠢ᠍ᠭᠡᠳ᠋ᠦᠯ》 ᠪᠠᠢ᠌ᠭᠤᠯᠬᠤ ᠬᠦᠳ᠋ᠡᠯᠭᠡᠭᠡᠨ ᠦᠷᠨᠢᠬᠦᠯᠵᠦ᠂ ᠠᠷᠠᠳ ᠤᠯᠠᠨ ᠨᠠᠮ ᠵᠠᠰᠠᠭ ᠤᠨ ᠤᠷᠢ᠍ᠶᠠᠯᠠᠭ᠎ᠠ ᠲᠤᠤᠷ᠎ᠠ ᠬᠤᠷᠢ᠍ᠶᠠᠭᠰᠠᠨ ᠠᠮᠦ ᠪᠠᠨ 《ᠠᠯᠪᠠᠨ ᠠᠮᠦ》 ᠲᠤᠰᠢ᠍ᠶᠠᠵᠦ ᠲᠠᠷᠢ᠍ᠶᠠᠨ ᠭᠠᠵᠠᠷ ᠬᠢᠭᠡᠳ ᠲᠡᠵᠢ᠍ᠭᠡᠭ᠍ᠰᠡᠨ ᠮᠠᠯ ᠶᠢᠡᠨ ᠪᠦᠬᠦᠨ ᠢ ᠨᠢ᠍ᠭᠡᠳ᠋ᠦᠯ ᠨᠡᠢ᠌ᠳ᠋ᠡ ᠳ᠋ᠥ ᠲᠤᠰᠢ᠍ᠶᠠᠭᠰᠠᠨ ᠪᠤᠯᠬᠤᠷ ᠬᠤᠪᠢ ᠶᠢᠨ ᠬᠢ ᠭᠡᠳ᠋ᠡᠭ᠌ ᠦᠷᠦᠭᠡᠰᠦᠨ ᠰᠢ᠍ᠬᠢᠷ᠎ᠠ ᠭᠠᠭᠴᠠ ᠵᠤᠷᠬ᠎ᠠ ᠲᠠᠷᠢ᠍ᠶ᠎ᠠ ᠦᠭᠡᠶ ᠪᠤᠯᠪᠠ᠃ ᠲᠡᠭᠡᠭᠡᠳ ᠯᠡ ᠶᠡᠭᠡ ᠨᠡᠢ᠌ᠳ᠋ᠡ ᠶᠢᠨ ᠲᠤᠭ ᠤᠨ ᠲᠤᠤᠷ᠎ᠠ ᠨᠡᠢ᠌ᠳ᠋ᠡ ᠶᠢᠨ ᠬᠤᠭᠤᠯᠠᠨ ᠭᠡᠷ ᠪᠠᠢ᠌ᠭᠤᠯᠵᠦ ᠨᠠᠰᠤᠵᠢ᠍ᠭᠰᠠᠨ ᠨᠢ᠍ᠯᠬ᠎ᠠ ᠭᠡᠵᠤ ᠢᠯᠭᠠᠯ ᠦᠭᠡᠶ ᠬᠤᠭᠤᠯᠠᠨ ᠭᠡᠷ ᠤᠨ ᠲᠤᠭᠤᠭᠠᠴᠢ ᠶᠢᠨ ᠰᠢ᠍ᠨᠠᠭᠠᠨ ᠲᠤᠤᠷ᠎ᠠ ᠠᠶᠠᠭ᠎ᠠ ᠲᠤᠰᠴᠦ ᠴᠠᠭ ᠴᠠᠭ ᠬᠡᠮᠵᠢ᠍ᠶ᠎ᠠ ᠲᠡᠶ ᠬᠤᠭᠤᠯᠠ ᠢᠳ᠋ᠡᠵᠦ᠂ ᠦᠯᠦᠰᠴᠦ ᠦᠯᠪᠡᠷᠡᠬᠦ ᠵᠤᠪᠠᠯᠠᠩ ᠲᠤᠮᠳ᠋ᠠ ᠰᠢ᠍ᠷ᠎ᠠ ᠡᠳ᠋ᠦᠷ ᠪᠤᠷᠤ ᠬᠤᠨᠤᠭ ᠢ ᠲᠤᠭᠤᠯᠵᠦ ᠪᠠᠢ᠌ᠯ᠎ᠠ᠃

ᠦᠯᠦᠰᠦᠭᠡᠳ ᠲᠡᠰᠬᠦ ᠦᠭᠡᠶ ᠪᠠᠢ᠌ᠭᠰᠠᠨ ᠲᠡᠢ᠌ᠮᠤ ᠨᠢ᠍ᠭᠡᠨ ᠡᠳ᠋ᠦᠷ ᠡᠵᠢ ᠶᠢᠨ ᠨᠠᠳ᠋ᠠᠳ᠋ᠦ ᠢᠳ᠋ᠡᠬᠦᠯᠦᠭ᠍ᠰᠡᠨ ᠲᠡᠷᠡ ᠨᠢ᠍ᠭᠡᠨ ᠴᠠᠭ ᠤᠨ ᠬᠤᠭᠤᠯᠠ ᠶᠢ ᠪᠢ ᠤᠳ᠋ᠤ ᠪᠤᠯᠳ᠋ᠠᠯ᠎ᠠ ᠴᠡᠭᠡᠵᠢ᠍ᠯᠡᠭ᠍ᠰᠡᠭᠡᠷ᠃ ᠦᠷ᠎ᠠ ᠭᠡᠦᠭᠡᠳ ᠤᠨ ᠶᠢᠡᠨ ᠦᠯᠦᠰᠴᠦ ᠪᠠᠢ᠌ᠬᠤ ᠶᠢ ᠦᠵᠡᠨ ᠦᠵᠡᠭ᠍ᠰᠡᠭᠡᠷ ᠦᠷ᠎ᠠ ᠵᠢᠷᠦᠭᠡ ᠨᠢ ᠰᠢ᠍ᠮᠰᠢ᠍ᠷᠡᠭ᠍ᠰᠡᠨ ᠡᠵᠢ ᠮᠢ᠍ᠨᠢ ᠶᠠᠭᠤ ᠶᠢ ᠴᠦ ᠬᠠᠢ᠌ᠬᠤᠷᠤᠯ ᠦᠭᠡᠶ ᠪᠠᠷᠢ᠍ᠭᠠᠳ᠋ᠠ ᠶᠢᠨ ᠬᠠᠳ᠋ᠤᠵᠦ ᠬᠤᠷᠢ᠍ᠶᠠᠵᠦ ᠪᠠᠷᠠᠭᠰᠠᠨ ᠲᠠᠷᠢ᠍ᠶ᠎ᠠ ᠡᠴᠡ ᠲᠦ᠋ᠷᠦᠬᠦᠦ ᠲᠡᠬᠦᠬᠦ ᠪᠠᠷ ᠶᠠᠪᠤᠪᠠ᠃ ᠬᠠᠭᠠᠰ ᠡᠳ᠋ᠦᠷ ᠪᠤᠯᠤᠭᠠᠳ ᠠᠷᠠᠢ ᠴᠢ᠍ᠷᠠᠢ ᠨᠢ᠍ᠭᠡ ᠯᠡ ᠠᠶᠠᠭ᠎ᠠ ᠰᠢ᠍ᠰᠢ ᠤᠯᠤᠭᠠᠳ ᠪᠤᠴᠠᠨ ᠢᠷᠡᠪᠡ᠃ ᠲᠡᠷᠡ ᠦᠶ᠎ᠠ ᠳ᠋ᠥ ᠭᠡᠨ ᠬᠦᠮᠦᠨ ᠭᠡᠳ᠋ᠦᠢ ᠦᠯᠦᠰᠪᠡᠴᠦ ᠨᠡᠢ᠌ᠳ᠋ᠡ ᠶᠢᠨ ᠠᠮᠦ ᠶᠢ ᠨᠢ᠍ᠭᠡ ᠮᠦ᠋ᠬᠦᠯᠢ᠍ᠭ᠌ ᠢ ᠴᠦ ᠬᠤᠪᠢᠨ ᠳᠠᠭᠠᠨ ᠠᠪᠴᠦ ᠪᠤᠯᠬᠤ ᠦᠭᠡᠶ ᠲᠦ᠋ᠷᠢ᠍ᠮ ᠲᠡᠶ ᠪᠤᠯᠬᠤᠷ ᠡᠵᠢ ᠮᠢ᠍ᠨᠢ ᠭᠡᠭᠡᠷ᠎ᠠ ᠡᠴᠡ ᠲᠡᠬᠦᠵᠦ ᠤᠯᠤᠭᠰᠠᠨ ᠶᠢᠡᠨ ᠬᠤᠯᠠᠭᠠᠢ᠌ᠯᠠᠵᠦ ᠠᠪᠤᠭᠰᠠᠨ ᠡᠴᠡ ᠴᠦ ᠢᠯᠡᠬᠦᠦ ᠨᠢ᠍ᠭᠤᠵᠦ ᠰᠦ᠋ᠨᠢ ᠶᠢᠨ ᠬᠠᠷᠠᠩᠭ᠋ᠤᠢ ᠳ᠋ᠥ ᠡᠯᠢ᠍ᠭᠡ ᠪᠠᠷ ᠶᠢᠡᠨ ᠶᠢ᠍ᠩ ᠵᠢᠳᠬᠦᠵᠦ ᠭᠤᠯᠢ᠍ᠷ ᠲᠠᠯᠬᠠᠳ᠋ᠠᠪᠠ᠃ ᠮᠠᠷᠭᠠᠰᠢ ᠨᠢ ᠡᠵᠢ ᠮᠢ᠍ᠨᠢ ᠶᠠᠭᠠᠬᠢᠵᠦ ᠤᠯᠤᠭᠰᠠᠨ ᠢ ᠮᠡᠳ᠋ᠡᠬᠦ ᠦᠭᠡᠶ ᠤᠷᠬᠤᠳ᠋ᠠᠢ ᠰᠢ᠍ᠭ ᠬᠠᠳ᠋ᠠᠭᠠᠯᠠᠵᠦ ᠪᠠᠢ᠌ᠭᠰᠠᠨ ᠦᠭᠡᠷ ᠤᠨ ᠱᠠᠭ᠎ᠠ ᠶᠢᠨ ᠴᠢ᠍ᠨᠡᠭᠡ ᠦᠭᠡᠬᠦ ᠪᠠᠷ ᠴᠠᠭᠠᠨ ᠯᠤᠤᠪᠠᠩ ᠲᠡᠶ ᠬᠤᠯᠢ᠍ᠵᠦ ᠰᠢ᠍ᠶᠠᠨᠽᠢ ᠵᠤᠬᠢᠶᠠᠭᠠᠳ ᠪᠤᠤᠵᠠ ᠬᠢᠵᠡᠢ᠃ ᠠᠶᠤᠨ ᠡᠮᠢ᠍ᠶᠡᠵᠦ ᠨᠢ᠍ᠭᠤᠵᠦ ᠲᠠᠯᠳ᠋ᠠᠯᠠᠵᠦ ᠤᠯᠤᠭᠰᠠᠨ ᠲᠡᠷᠡ ᠪᠠᠬᠠᠨ ᠭᠤᠯᠢ᠍ᠷ ᠶᠢᠡᠨ ᠠᠷᠪᠢᠯᠠᠬᠤ ᠶᠢᠨ ᠴᠢ᠍ᠨᠡᠭᠡ ᠪᠠᠷ ᠠᠷᠪᠢᠯᠠᠵᠦ ᠭᠡᠦᠭᠡᠳ ᠶᠢᠡᠨ ᠨᠢ᠍ᠭᠡ ᠴᠠᠭ ᠴᠦ ᠭᠡᠰᠡᠨ ᠴᠠᠳᠬᠠᠬᠤ ᠶᠢᠨ ᠲᠦ᠋ᠯᠦᠭᠡ ᠰᠢ᠍ᠶᠠᠨᠽᠢ ᠪᠠᠨ ᠪᠦᠭᠡᠮᠨᠡᠭᠡᠳ ᠬᠠᠭᠤᠷᠠᠢ ᠭᠤᠯᠢ᠍ᠷ ᠲᠡᠭᠡᠬᠦᠷ ᠦᠩᠬᠦᠷᠢ᠍ᠬᠦᠯᠦᠭᠡᠳ ᠪᠤᠤᠵᠠ ᠪᠤᠯᠭᠠᠭᠰᠠᠨ ᠶᠤᠮ᠃ ᠦᠨᠡᠨ ᠳᠡᠭᠡᠨ ᠭᠠᠳ᠋ᠠᠭᠤᠷ ᠨᠢ ᠬᠠᠭᠤᠷᠠᠢ ᠭᠤᠯᠢ᠍ᠷ ᠨᠠᠭᠠᠯᠳ᠋ᠤᠭᠤᠯᠵᠦ ᠬᠢᠭ᠍ᠰᠡᠨ ᠲᠡᠷᠡ ᠪᠤᠤᠵᠠ ᠶᠢ ᠪᠤᠤᠵᠠ ᠭᠡᠬᠦ ᠶᠢᠨ ᠤᠷᠤᠨ ᠳ᠋ᠥ ᠴᠠᠭᠠᠨ ᠯᠤᠤᠪᠠᠩ ᠢᠳ᠋ᠡᠵᠡᠢ ᠭᠡᠪᠡᠯ ᠤᠨᠤᠴᠢ ᠲᠡᠶ ᠪᠠᠢ᠌ᠯ᠎ᠠ᠃ ᠭᠡᠪᠡᠴᠦ ᠦᠯᠦᠰᠬᠦ ᠳ᠋ᠥ ᠦᠯᠦ ᠪᠤᠭᠤ ᠶᠢᠨ ᠡᠪᠡᠷ ᠵᠦ᠋ᠭᠡᠯᠡᠨ ᠭᠡᠳ᠋ᠡᠭ᠍ᠴᠢ᠍ᠯᠡᠨ ᠲᠡᠷᠡ ᠪᠤᠤᠵᠠ ᠶᠢᠨ ᠠᠮᠳ᠋ᠠᠳ᠋ᠠᠢ ᠶᠢ ᠴᠢ᠍ᠬᠢ ᠤᠭᠳ᠋ᠤᠯᠪᠠᠴᠤ ᠮᠡᠳ᠋ᠡᠬᠦ ᠦᠭᠡᠶ ᠭᠡᠰᠡᠨ ᠦᠭᠡ᠃ ᠴᠤᠬᠤᠮ ᠴᠦ᠂ ᠦᠯᠦᠰᠬᠦᠯᠡᠩ ᠬᠤᠭᠤᠰᠤᠨ ᠦᠶ᠎ᠠ ᠳ᠋ᠥ ᠬᠤᠭᠤᠯᠠ ᠪᠤᠯᠭᠠᠨ ᠠᠮᠳ᠋ᠠᠳ᠋ᠠᠢ ᠭᠡᠳ᠋ᠡᠭ᠌ ᠨᠢ ᠲᠡᠷᠡ᠃ ᠭᠡᠳ᠋ᠡᠯ᠎ᠠ ᠡᠵᠢ ᠮᠢ᠍ᠨᠢ ᠬᠠᠷᠢ᠍ᠨ ᠬᠦᠭᠡᠷᠦᠬᠦᠢ᠂ ᠭᠡᠦᠭᠡᠳ ᠶᠢᠡᠨ ᠢᠳ᠋ᠡᠵᠦ ᠴᠠᠳ᠋ᠤᠭᠰᠠᠨ ᠬᠤᠢ᠌ᠨ᠎ᠠ ᠵᠢᠩᠨᠡᠬᠦᠷ ᠲᠡᠭᠡᠷ᠎ᠠ ᠦᠯᠡᠳ᠋ᠡᠭ᠍ᠰᠡᠨ ᠨᠢ᠍ᠴᠠᠷᠬᠠᠢ ᠶᠢ ᠢᠳ᠋ᠡᠬᠦᠢ᠌ᠴᠡ ᠪᠤᠯᠤᠭᠰᠠᠨ ᠲᠡᠳ᠋ᠦᠢ᠃ ᠲᠡᠭᠡᠪᠡᠴᠦ ᠡᠵᠢ ᠮᠢ᠍ᠨᠢ ᠠᠯᠠᠭᠠᠨ ᠲᠡᠭᠡᠷ᠎ᠠ ᠨᠢ ᠪᠠᠢ᠌ᠭᠰᠠᠨ ᠭᠡᠳ᠋ᠦᠨ ᠭᠡᠦᠭᠡᠳ ᠶᠢᠡᠨ ᠨᠢ᠍ᠭᠡ ᠴᠠᠭ ᠴᠠᠳᠳ᠋ᠠᠯ᠎ᠠ ᠢᠳ᠋ᠡᠬᠦᠯᠦᠭ᠍ᠰᠡᠨ ᠳᠡᠭᠡᠨ ᠰᠡᠳᠬᠢᠯ ᠨᠢ ᠴᠠᠳᠴᠦ ᠦᠪᠡᠷ ᠤᠨ ᠦᠯᠦᠰᠴᠦ ᠪᠠᠢ᠌ᠬᠤ ᠪᠠᠨ ᠮᠠᠷᠳ᠋ᠠᠵᠦ ᠪᠢᠯᠡ᠂ ᠬᠦᠭᠡᠷᠦᠬᠦᠢ ᠡᠵᠢ ᠮᠢ᠍ᠨᠢ᠃ ᠨᠠᠰᠤ ᠨᠡᠮᠡᠭ᠍ᠳ᠋ᠡᠵᠦ ᠤᠬᠠᠭᠠᠨ ᠰᠠᠭᠤᠬᠤ ᠶᠢ ᠲᠠᠭᠠᠯᠳ᠋ᠤᠭᠠᠳ ᠪᠢ ᠲᠡᠷᠡᠬᠦ ᠦᠯᠦᠰᠬᠦᠯᠡᠩ ᠭᠠᠴᠢ᠍ᠭ ᠴᠠᠭ ᠲᠤ ᠠᠮᠳ᠋ᠠᠳ᠋ᠠᠢ᠌ᠬᠠᠨ ᠢᠳ᠋ᠡᠭ᠍ᠰᠡᠨ ᠨᠢ᠍ᠭᠡᠨ ᠴᠠᠭ ᠤᠨ ᠬᠤᠭᠤᠯᠠ ᠶᠢ ᠪᠤᠳ᠋ᠤᠬᠤ ᠪᠦᠷᠢ ᠲᠡᠨᠡᠭ᠍ᠭᠡᠨ ᠦᠷ᠎ᠠ ᠨᠢ ᠪᠢ ᠲᠡᠷᠡ ᠦᠶ᠎ᠠ ᠳ᠋ᠥ ᠡᠵᠢ ᠳᠡᠭᠡᠨ ᠢᠯᠡᠬᠦᠦ ᠪᠠᠬᠠᠨ ᠦᠯᠡᠳ᠋ᠡᠭᠡᠵᠦ ᠦᠭ᠍ᠬᠦ ᠤᠬᠠᠭᠠᠨ ᠴᠦ ᠪᠠᠢ᠌ᠭᠰᠠᠨ ᠦᠭᠡᠶ ᠳᠡᠭᠡᠨ ᠬᠠᠷᠠᠮᠰᠠᠵᠦ ᠠᠪᠳ᠋ᠠᠭ ᠪᠢᠯᠡ᠃ ᠡᠭᠡ ᠶᠢᠨ ᠰᠡᠳᠬᠢᠯ ᠦᠷ᠎ᠠ ᠳ᠋ᠥ᠂ ᠦᠷ᠎ᠠ ᠶᠢᠨ ᠰᠡᠳᠬᠢᠯ ᠠᠭᠤᠯᠠᠨ ᠳ᠋ᠥ ᠭᠡᠵᠤ ᠡᠨᠡ ᠦᠦ ᠳ᠋ᠠ᠃

ᠬᠦᠳ᠋ᠡᠭᠡ ᠲᠤᠰᠬᠤᠨ ᠤ ᠬᠦᠮᠦᠨ ᠪᠦᠷᠢ ᠳ᠋ᠥ ᠵᠦ᠋ᠪᠭᠡᠨ ᠬᠤᠶᠠᠷ ᠲᠤᠬᠤᠢ ᠬᠠᠭᠠᠰ ᠪᠦᠰ ᠤᠨ ᠪᠢᠯᠸᠲ ᠬᠠᠩᠭ᠋ᠠᠵᠦ ᠪᠠᠢ᠌ᠭᠰᠠᠨ ᠵᠢᠯ ᠤᠳ ᠲᠤ ᠡᠵᠢ ᠮᠢ᠍ᠨᠢ ᠭᠡᠴᠢ᠍ᠨᠡᠨ ᠵᠢᠯ ᠳ᠋ᠥ ᠨᠢ᠍ᠭᠡ ᠵᠠᠬ᠎ᠠ ᠰᠢ᠍ᠨ᠎ᠠ ᠬᠤᠪᠴᠠᠰᠤ ᠤᠯᠵᠦ ᠡᠮᠦᠰᠦᠭ᠍ᠰᠡᠨ ᠦᠭᠡᠶ᠃ ᠭᠡᠦᠭᠡᠳ ᠤᠨ ᠶᠢᠡᠨ ᠡᠪᠦᠳ᠋ᠦᠭ᠌ ᠲᠤᠬᠤᠢ ᠶᠢ ᠪᠦᠳ᠋ᠦᠨ ᠠᠪᠴᠦ ᠶᠠᠪᠤᠳ᠋ᠠᠭ ᠪᠤᠯᠪᠠᠴᠤ ᠦᠪᠡᠷ ᠶᠢᠡᠨ ᠬᠠᠷᠢ᠍ᠨ ᠲᠠᠯᠠᠨ ᠨᠦ᠋ᠬᠦᠭᠡᠰᠦᠳ᠋ᠡᠢ ᠶᠢ ᠡᠮᠦᠰᠴᠦ ᠲᠠᠩ ᠦᠮᠦᠳ᠋ᠦ ᠪᠠᠷ ᠡᠪᠦᠯᠵᠢ᠍ᠳ᠋ᠡᠭ᠌᠃ ᠪᠦᠰ ᠪᠠᠷᠠᠭ᠎ᠠ ᠬᠤᠪᠤᠷ ᠪᠤᠯᠬᠤᠷ ᠭᠤᠳ᠋ᠤᠯ ᠱᠠᠬᠠᠢ ᠶᠢᠨ ᠤᠯᠠ ᠵᠤᠯᠤᠭ ᠨᠠᠭᠠᠬᠤ ᠴᠠᠪᠤᠭ ᠴᠦ ᠤᠯᠳ᠋ᠠᠬᠤ ᠦᠭᠡᠶ ᠪᠠᠢ᠌ᠳ᠋ᠠᠯ ᠲᠤᠤᠷ᠎ᠠ ᠨᠢ᠍ᠭᠡ ᠭᠡᠷ ᠬᠦᠮᠦᠰ ᠢ ᠬᠦᠯ ᠨᠢ᠍ᠴᠦᠭᠦᠨ ᠲᠠᠯᠪᠢᠬᠤ ᠦᠭᠡᠶ ᠭᠡᠵᠤ ᠵᠢᠳᠬᠦᠳ᠋ᠡᠭ᠌ ᠡᠵᠢ ᠮᠢ᠍ᠨᠢ ᠠᠷᠭ᠎ᠠ ᠪᠦᠬᠦᠨ ᠢ ᠰᠦ᠋ᠪᠡᠭ᠍ᠴᠢ᠍ᠯᠡᠨ ᠤᠯᠤᠰᠤ ᠲᠤᠷᠤᠰᠤ᠂ ᠲᠡᠭᠡᠰᠦᠨ ᠤ ᠲᠠᠰᠤᠷᠬᠠᠢ᠂ ᠮᠠᠭᠤ ᠢᠰᠡᠭᠡᠢ ᠶᠢ ᠬᠦᠷᠳ᠋ᠡᠯ᠎ᠠ ᠤᠷᠠᠨ ᠶᠢᠡᠷ ᠠᠰᠢ᠍ᠭᠯᠠᠵᠦ ᠤᠯᠠ ᠵᠤᠯᠤᠭ ᠨᠠᠭᠠᠭᠠᠳ ᠱᠠᠬᠠᠢ ᠭᠤᠳ᠋ᠤᠯ ᠤᠶᠤᠳ᠋ᠠᠭ ᠪᠠᠢ᠌ᠯ᠎ᠠ᠃ ᠦᠨᠦ ᠪᠤᠳ᠋ᠤᠪᠠᠯ ᠮᠢ᠍ᠨᠤ ᠡᠵᠢ ᠲᠤᠬᠠᠢ ᠶᠢᠨ ᠦᠶ᠎ᠠ ᠶᠢᠨ ᠶᠠᠳ᠋ᠠᠭᠤ ᠬᠤᠭᠤᠰᠤᠨ ᠠᠮᠢ᠍ᠳ᠋ᠤᠷᠠᠯ ᠢ ᠠᠵᠢ᠍ᠯᠴᠢ ᠠᠷᠪᠢᠴᠢ ᠵᠠᠩ ᠰᠤᠷᠳ᠋ᠠᠯ ᠪᠤᠯᠤᠨ ᠤᠶᠤᠨ ᠤᠬᠠᠭᠠᠨ ᠤᠷᠠᠨ ᠰᠠᠨᠠᠭ᠎ᠠ ᠪᠠᠷ ᠶᠢᠡᠨ ᠠᠷᠭᠠᠴᠠᠭᠠᠵᠦ᠂ ᠬᠠᠪᠤᠷ ᠢ ᠨᠠᠮᠤᠷ ᠰᠢ᠍ᠭ ᠦᠩᠭᠡᠷᠡᠭᠡᠵᠦ᠂ ᠬᠤᠭᠤᠰᠤᠨ ᠢ ᠲᠦ᠋ᠬᠦᠷᠡᠩ ᠰᠢ᠍ᠭ᠌ ᠠᠮᠢ᠍ᠳ᠋ᠤᠷᠠᠵᠦ ᠶᠠᠪᠤᠭᠰᠠᠨ ᠶᠡᠷᠦ ᠪᠤᠰᠤ ᠶᠢᠨ ᠪᠦᠰᠡᠬᠦᠢ ᠠᠵᠢ᠃

ᠵᠢᠯ ᠪᠦᠷᠢ ᠶᠢᠨ ᠪᠢᠳ᠋ᠡᠬᠦᠨ ᠤ ᠰᠦ᠋ᠨᠢ ᠮᠠᠨ ᠤ ᠠᠢ᠌ᠯ ᠤᠨ ᠬᠢᠨ ᠪᠦᠷ ᠯᠡ ᠨᠠᠭᠠᠳ᠋ᠤᠨ ᠬᠦᠭᠡᠷᠦᠯᠳ᠋ᠦᠵᠦ ᠴᠠᠭᠠᠨ ᠰᠠᠷ᠎ᠠ ᠶᠢᠨ ᠰᠢ᠍ᠨ᠎ᠠ ᠶᠢᠨ ᠨᠢ᠍ᠭᠡᠨ ᠶᠢᠡᠨ ᠤᠭᠳ᠋ᠤᠳ᠋ᠠᠭ ᠪᠢᠯᠡ᠃ ᠭᠡᠳ᠋ᠡᠯ᠎ᠠ ᠮᠢ᠍ᠨᠤ ᠡᠵᠢ ᠳ᠋ᠥ ᠶᠡᠷᠦ ᠡᠴᠡ ᠲᠡᠢ᠌ᠮᠤ ᠠᠮᠠᠷᠠᠵᠦ ᠠᠮᠢ᠍ᠰᠬᠤᠬᠤ ᠴᠠᠭ ᠪᠠᠢ᠌ᠳ᠋ᠠᠭ ᠦᠭᠡᠶ᠃ ᠬᠠᠷᠢ᠍ᠨ ᠲᠡᠪᠡᠯ ᠤᠨ ᠲᠤᠪᠴᠢ ᠰᠢ᠍ᠯᠪᠢ ᠬᠠᠳ᠋ᠠᠬᠤ ᠪᠤᠶᠤ ᠭᠤᠳ᠋ᠤᠯ ᠤᠯᠠᠯᠠᠬᠤ ᠮᠡᠳ᠋ᠦ ᠪᠠᠷ ᠶᠠᠭᠠᠷᠠᠯ ᠶᠠᠳ᠋ᠠᠷᠠᠯ ᠲᠤᠮᠳ᠋ᠠ ᠬᠠᠭᠤᠴᠢ᠍ᠨ ᠵᠢᠯ ᠶᠢᠡᠨ ᠦᠳ᠋ᠡᠵᠦ ᠰᠢ᠍ᠨ᠎ᠠ ᠵᠢᠯ ᠶᠢᠡᠨ ᠤᠭᠳ᠋ᠤᠳ᠋ᠠᠭ᠃ ᠡᠪᠦᠯ ᠤᠷᠤᠮᠠᠭᠴᠨ ᠨᠢ᠍ᠭᠡ ᠭᠡᠷ ᠬᠦᠮᠦᠰ ᠤᠨ ᠰᠢ᠍ᠨ᠎ᠠ ᠵᠢᠯ ᠳ᠋ᠥ ᠡᠮᠦᠰᠬᠦ ᠬᠤᠪᠴᠠᠰᠤ ᠭᠤᠳ᠋ᠤᠯ ᠤᠳ ᠶᠢᠡᠨ ᠪᠠᠵᠠᠭᠠᠭᠰᠠᠨ ᠡᠵᠢ ᠮᠢ᠍ᠨᠢ ᠰᠦ᠋ᠨᠢ ᠰᠦ᠋ᠨᠢ ᠭᠤᠷᠪᠠᠨ ᠨᠤᠬᠠᠢ (ᠭᠤᠷᠪᠠᠨ ᠮᠠᠷᠠᠯ) ᠶ᠋ᠢ ᠭᠤᠳ᠋ᠤᠢ᠌ᠳ᠋ᠠᠯ᠎ᠠ ᠰᠠᠭᠤᠭᠠᠳ ᠤᠶᠤᠭᠰᠠᠨ ᠴᠦ ᠪᠢᠳ᠋ᠡᠬᠦᠨ ᠤ ᠰᠦ᠋ᠨᠢ ᠪᠤᠯᠬᠤ ᠳ᠋ᠥ ᠠᠷᠠᠢ ᠴᠢ᠍ᠷᠠᠢ ᠲᠠᠭᠤᠰᠬᠠᠳ᠋ᠠᠭ᠃ ᠡᠳ᠋ᠦᠷᠵᠢ᠍ᠨ ᠭᠡᠷ ᠤᠨ ᠠᠷᠰᠠᠷ ᠠᠵᠢ᠍ᠯ ᠳ᠋ᠥ ᠪᠤᠷᠪᠢ ᠪᠤᠬᠢᠰᠬᠢᠯ ᠦᠭᠡᠶ ᠮᠤᠩᠭ᠋ᠠᠨᠢᠭᠠᠳ ᠦᠳ᠋ᠡᠰᠢ ᠪᠤᠯᠭᠠᠨ ᠬᠠᠳ᠋ᠠᠭᠤ ᠵᠦ᠋ᠭᠡᠯᠡᠨ ᠦᠢ᠍ᠯᠡ ᠤᠶᠤᠳ᠋ᠠᠯ ᠤᠶᠤᠨ᠎ᠠ ᠭᠡᠭ᠍ᠴᠢ ᠭᠡᠯᠡᠬᠦ ᠳ᠋ᠥ ᠠᠮᠠᠷ ᠴᠦ ᠬᠢᠬᠦ ᠳ᠋ᠥ ᠶᠠᠮᠠᠷ ᠬᠦᠴᠢ᠍ᠷ ᠭᠡᠳ᠋ᠡᠭ᠌ ᠢ ᠡᠵᠢ ᠮᠢ᠍ᠨᠢ ᠰᠠᠢ᠌ᠨ ᠮᠡᠳ᠋ᠡᠳ᠋ᠡᠭ᠌᠃ ᠭᠡᠪᠡᠴᠦ᠂ ᠡᠩᠬᠦᠷᠡᠢ ᠬᠠᠢ᠌ᠷᠠᠳ᠋ᠦ ᠭᠡᠦᠭᠡᠳ ᠶᠢᠡᠨ ᠠᠯᠢ᠍ᠨ ᠢ ᠴᠦ ᠰᠢ᠍ᠨ᠎ᠠ ᠬᠤᠪᠴᠠᠰᠤ ᠭᠤᠳ᠋ᠤᠯ ᠲᠡᠶ ᠰᠢ᠍ᠨᠡᠯᠡᠬᠦᠯᠬᠦ ᠶᠢᠨ ᠲᠦ᠋ᠯᠦᠭᠡ ᠡᠵᠢ ᠮᠢ᠍ᠨᠢ ᠶᠠᠳ᠋ᠠᠷᠠᠯ ᠵᠦ᠋ᠳ᠋ᠡᠷᠡᠯ ᠢ ᠶᠠᠭᠤᠮᠠᠨ ᠳ᠋ᠥ ᠪᠤᠳ᠋ᠤᠳ᠋ᠠᠭ ᠦᠭᠡᠶ ᠪᠠᠢ᠌ᠯ᠎ᠠ᠃

ᠤᠬᠠᠭᠠᠵᠢ᠍ᠭ᠎ᠠ ᠦᠭᠡᠶ ᠪᠠᠭ᠎ᠠ ᠨᠠᠰᠤᠨ ᠳ᠋ᠥ᠂ ᠬᠦᠰᠡᠵᠦ ᠬᠦᠯᠢ᠍ᠶᠡᠭ᠍ᠰᠡᠨ ᠰᠢ᠍ᠨ᠎ᠠ ᠵᠢᠯ ᠬᠦᠷᠦᠭᠡᠳ ᠢᠷᠡᠬᠦ ᠪᠠᠷ ᠪᠢ ᠡᠵᠢ ᠶᠢᠨ ᠤᠶᠤᠵᠦ ᠦᠭ᠍ᠬᠦᠭ᠍ᠰᠡᠨ ᠰᠢ᠍ᠨ᠎ᠠ ᠬᠤᠪᠴᠠᠰᠤ ᠭᠤᠳ᠋ᠤᠯ ᠢ ᠡᠮᠦᠰᠦᠭᠡᠳ ᠰᠢ᠍ᠨ᠎ᠠ ᠶᠢᠨ ᠵᠤᠯᠭᠠᠯᠳ᠋ᠠ ᠬᠢᠬᠦ ᠪᠠᠷ ᠠᠢ᠌ᠯ ᠲᠤᠭᠤᠷᠢ᠍ᠳ᠋ᠠᠭ᠃ ᠠᠢ᠌ᠯ ᠤᠨ ᠡᠵᠢ (ᠠᠢ᠌ᠯ ᠤᠨ ᠡᠭᠡᠴᠢ ᠪᠡᠷᠭᠡᠳ ᠨᠡᠷ) ᠮᠢ᠍ᠨᠤ ᠬᠤᠪᠴᠠᠰᠤ ᠭᠤᠳ᠋ᠤᠯ ᠢ ᠦᠵᠡᠮᠡᠭ᠍ᠴᠡ ᠭᠡᠯᠡ ᠲᠠᠩᠨᠠᠢ ᠪᠠᠨ ᠲᠠᠭᠰᠢ᠍ᠵᠦ᠂ 《ᠬᠠ᠂ ᠡᠨᠡ ᠦᠬᠢᠨ ᠤ ᠭᠤᠳ᠋ᠤᠯ ᠡ︕ ᠤᠶᠤᠳ᠋ᠠᠯ ᠤᠨ ᠬᠢᠨᠢ ᠤᠷᠠᠨ᠂ ᠶᠠᠩᠵᠦ ᠭᠡᠪ ᠤᠨ ᠬᠢᠨᠢ ᠵᠤᠬᠢᠷᠠᠭᠰᠠᠨ᠂ ᠦᠩᠭᠡ ᠪᠤᠳ᠋ᠤᠭ ᠤᠨ ᠬᠢᠨᠢ ᠲᠡᠩᠴᠡᠭ᠍ᠰᠡᠨ᠁》 ᠭᠡᠳ ᠯᠡ ᠴᠤᠬᠤᠮ ᠭᠡᠳ᠋ᠦᠢ᠌ᠴᠢ᠍ᠨᠡᠭᠡᠨ ᠰᠠᠢ᠌ᠬᠠᠨ ᠢ ᠨᠢ ᠭᠡᠯᠡᠬᠦ ᠦᠭᠡ ᠵᠦ᠋ᠢ᠍ᠷᠯᠡᠬᠦ ᠠᠷᠭ᠎ᠠ ᠤᠯᠬᠤ ᠦᠭᠡᠶ ᠱᠠᠭᠰᠢ᠍ᠵᠦ ᠭᠠᠷᠳ᠋ᠠᠭ᠃ ᠲᠡᠭᠡᠬᠦ ᠳ᠋ᠥ ᠪᠢ ᠮᠠᠨ ᠤ ᠠᠢ᠌ᠯ ᠳ᠋ᠥ ᠦᠭᠡᠷ᠎ᠠ ᠪᠠᠢ᠌ᠬᠤ ᠦᠭᠡᠶ ᠭᠤᠶᠤ ᠭᠤᠳ᠋ᠤᠯ ᠡᠮᠦᠰᠦᠭ᠍ᠰᠡᠨ ᠳᠡᠭᠡᠨ ᠦᠰᠦᠷᠦᠨ ᠲᠡᠪᠭᠡᠴᠨᠨ ᠪᠠᠶᠠᠷᠯᠠᠵᠦ ᠪᠠᠢ᠌ᠯ᠎ᠠ᠃ ᠭᠡᠳ᠋ᠡᠯ᠎ᠠ᠂ ᠡᠮᠦᠰᠴᠦ ᠪᠠᠢ᠌ᠭ᠎ᠠ ᠬᠤᠪᠴᠠᠰᠤ ᠭᠤᠳ᠋ᠤᠯ ᠢ ᠨᠢ᠍ᠭᠡ ᠨᠢ᠍ᠭᠡ ᠵᠡᠬᠦᠦ ᠨᠢ᠍ᠭᠡ ᠨᠢ᠍ᠭᠡ ᠤᠳ᠋ᠠᠰᠤ ᠪᠠᠷ ᠦ ᠦᠭᠡᠶ ᠰᠠᠢ᠌ᠬᠠᠨ ᠤᠶᠤᠬᠤ ᠶᠢᠨ ᠲᠦ᠋ᠯᠦᠭᠡ ᠡᠵᠢ ᠮᠢ᠍ᠨᠢ ᠭᠡᠴᠢ᠍ᠨᠡᠨ ᠰᠦ᠋ᠨᠢ ᠤᠨᠳ᠋ᠠᠵᠦ ᠠᠮᠠᠷᠠᠭᠰᠠᠨ ᠦᠭᠡᠶ ᠶᠠᠭᠠᠬᠢᠵᠦ ᠶᠡᠭᠡ ᠶᠠᠳ᠋ᠠᠷᠠᠯ᠎ᠠ ᠭᠡᠳ᠋ᠡᠭ᠌ ᠢ ᠦᠴᠦᠭᠡᠨ ᠴᠦ ᠪᠤᠳ᠋ᠤᠯᠬᠢᠯᠠᠳ᠋ᠠᠭ ᠦᠭᠡᠶ ᠪᠠᠢ᠌ᠵᠦ ᠪᠢᠯᠡ᠃ ᠬᠡᠵᠢ᠍ᠶ᠎ᠠ ᠬᠤᠵᠢ᠍ᠮ ᠨᠢ ᠪᠢ ᠰᠠ‍‌ᠶᠢ ᠡᠨᠡ ᠪᠦᠬᠦᠨ ᠢ ᠪᠤᠳ᠋ᠤᠯᠬᠢᠯᠠᠵᠦ᠂ ᠤᠢ᠌ᠯᠠᠭᠠᠵᠦ᠂ ᠡᠵᠢ ᠶᠢ ᠪᠠᠨ ᠦᠷᠦᠪᠳ᠋ᠦᠨ ᠬᠠᠢ᠌ᠷᠠᠯᠠᠬᠤ ᠪᠤᠯᠤᠭᠰᠠᠨ ᠶᠤᠮ᠃ ᠲᠡᠭᠡᠬᠦ ᠪᠠᠷ ᠶᠢᠡᠨ ᠪᠢ ᠤᠳ᠋ᠤ ᠴᠦ ᠭᠡᠰᠡᠨ ᠵᠢᠯ ᠴᠠᠭᠠᠨ ᠰᠠᠷ᠎ᠠ ᠤᠢ᠌ᠷᠠᠳᠬᠤ ᠪᠦᠷᠢ ᠡᠵᠢ ᠪᠠᠨ ᠭᠡᠴᠡᠬᠦᠦ ᠰᠠᠨᠠᠳ᠋ᠠᠭ ᠪᠢᠯᠡ᠃ ᠡᠵᠢ ᠮᠢ᠍ᠨᠢ ᠲᠤᠰᠤᠨ ᠳ᠋ᠸᠩ ᠤᠨ ᠲᠤᠤᠷ᠎ᠠ ᠰᠠᠭᠤᠭᠠᠳ ᠭᠤᠳ᠋ᠤᠯ ᠤᠯᠠᠯᠠᠵᠦ ᠪᠠᠢ᠌ᠭ᠎ᠠ ᠲᠦ᠋ᠷᠬᠦ ᠪᠤᠳ᠋ᠤᠯ ᠤᠨ ᠬᠦᠰᠢ᠍ᠭᠡᠨ ᠳ᠋ᠥ ᠲᠤᠳ᠋ᠤᠷᠠᠭᠠᠳ ᠢᠷᠡᠬᠦ ᠪᠠᠷ ᠨᠢ᠂ ᠦᠪᠡᠷ ᠤᠨ ᠶᠠᠳ᠋ᠠᠷᠠᠯ ᠵᠦ᠋ᠳ᠋ᠡᠷᠡᠯ ᠬᠦᠴᠦ ᠬᠦᠳ᠋ᠡᠯᠮᠤᠷᠢ ᠪᠠᠷ ᠶᠢᠡᠨ ᠭᠡᠦᠭᠡᠳ ᠦᠷ᠎ᠠ ᠳᠡᠭᠡᠨ ᠪᠠᠶᠠᠷ ᠪᠠᠶᠠᠰᠤᠯ ᠰᠤᠯᠢ᠍ᠵᠦ ᠠᠪᠴᠢ᠍ᠷᠠᠳ᠋ᠠᠭ ᠲᠡᠭ᠍ᠷᠢ ᠮᠡᠳ᠋ᠦ ᠠᠭᠤᠤ ᠡᠨᠡᠷᠢ᠍ᠯ ᠢ ᠨᠢ ᠬᠦᠨ ᠡᠴᠡ ᠬᠦᠨ ᠤᠬᠠᠭᠠᠷᠠᠳ᠋ᠠᠭ ᠪᠢᠯᠡ᠃

《ᠡᠷ᠎ᠠ ᠦᠰᠳ᠋ᠡᠭ᠌᠂ ᠢᠰᠡᠭᠡᠢ ᠰᠤᠨᠳ᠋ᠠᠭ》᠃ ᠤᠨ ᠵᠢᠯ ᠤᠨ ᠡᠷᠬᠢᠯᠭᠡᠨ᠂ ᠠᠪᠤ ᠡᠵᠢ ᠶᠢᠨ ᠶᠢᠡᠨ ᠡᠩᠬᠦᠷᠡᠢ᠌ᠯᠡᠯ ᠶᠢᠡᠷ ᠪᠢᠳ᠋ᠡ ᠦᠰᠴᠦ ᠦᠭᠡᠯᠡᠢ ᠪᠤᠯᠤᠯ᠎ᠠ᠃ ᠡᠵᠢ ᠮᠢ᠍ᠨᠢ ᠤᠳ᠋ᠤ ᠪᠡᠶ᠎ᠠ ᠰᠡᠳᠬᠢᠯ ᠠᠮᠠᠷᠠᠬᠤ ᠪᠤᠯᠤᠯ᠎ᠠ ᠭᠡᠬᠦ ᠳ᠋ᠥ ᠨᠠᠰᠤᠨ ᠡᠴᠡ ᠪᠠᠨ ᠡᠷᠳ᠋ᠡ ᠦᠳ᠋ᠡᠯᠵᠦ ᠨᠢ᠍ᠷᠤᠭᠤ ᠬᠦᠯ ᠨᠢ ᠮᠤᠷᠤᠢ᠌ᠭᠠᠳ ᠲᠠᠯᠤ ᠮᠦ᠋ᠷᠦ ᠨᠢ ᠱᠠᠷᠬᠢᠷᠠᠭ᠎ᠠ ᠲᠡᠶ ᠪᠤᠯᠵᠦ ᠲᠠᠮᠢ᠍ᠷ ᠲᠡᠩᠭᠡᠭᠡ ᠨᠢ ᠰᠤᠯᠠᠷᠠᠵᠠᠢ᠃ ᠨᠡᠩ ᠲᠤᠷᠠᠳ᠋ᠤᠭᠤᠰᠢ᠍ᠳ᠋ᠠᠢ ᠨᠢ᠂ ᠤᠳᠬᠤᠨ ᠭᠡᠦᠭᠡᠨ ᠲᠡᠬᠦᠦ ᠶᠢ ᠠᠢ᠌ᠯ ᠭᠡᠷ ᠪᠤᠯᠭᠠᠭᠠᠳ ᠲᠡᠮᠡᠢ ᠤᠳ᠋ᠠᠯ ᠦᠭᠡᠶ ᠠᠪᠤ ᠭᠡᠨᠡᠳᠳ᠋ᠡ ᠡᠪᠡᠳᠴᠢ᠍ᠯᠡᠭᠡᠳ ᠭᠡᠪᠳ᠋ᠡᠷᠢ ᠳ᠋ᠥ ᠤᠷᠤᠵᠦ ᠬᠦᠮᠦᠨ ᠤ ᠭᠠᠷ ᠲᠡᠭᠡᠷ᠎ᠠ ᠪᠤᠯᠤᠯ᠎ᠠ᠃ ᠡᠵᠢ ᠮᠢ᠍ᠨᠢ ᠪᠠᠴᠢ᠍ᠮᠳ᠋ᠠᠨ ᠵᠤᠪᠠᠵᠦ ᠡᠮ ᠲᠠᠩ ᠵᠠᠯᠠᠵᠦ ᠡᠳ᠋ᠦᠷ ᠰᠦ᠋ᠨᠢ ᠦᠭᠡᠶ ᠠᠰᠠᠷᠠᠭᠰᠠᠨ ᠪᠤᠯᠪᠠᠴᠤ ᠠᠪᠤ ᠶᠢᠨ ᠪᠡᠶ᠎ᠠ ᠶᠠᠪᠤᠬᠤ ᠲᠤᠳ᠋ᠤᠮ ᠲᠤᠤᠷᠠᠳ᠋ᠤᠭᠰᠠᠭᠠᠷ ᠪᠠᠷᠤᠭ ᠭᠤᠷᠪᠠᠨ ᠵᠢᠯ ᠭᠡᠪᠳ᠋ᠡᠭᠡᠳ ᠡᠴᠦᠰ ᠲᠡᠭᠡᠨ ᠪᠤᠷᠬᠠᠨ ᠪᠤᠯᠵᠠᠢ᠃ ᠬᠦᠭᠡᠷᠦᠬᠦᠢ ᠡᠵᠢ ᠮᠢ᠍ᠨᠢ ᠲᠡᠭᠡᠭᠡᠳ ᠯᠡ ᠵᠠᠶᠠᠭᠠᠨ ᠤ ᠬᠠᠨᠢ᠂ ᠨᠠᠰᠤᠨ ᠤ ᠲᠦ᠋ᠰᠢ᠍ᠭ᠌ ᠶᠢᠡᠨ ᠠᠯᠳ᠋ᠠᠵᠦ ᠪᠤᠷᠤ ᠭᠡᠷ ᠲᠡᠭᠡᠨ ᠦᠨᠦᠴᠢ᠍ᠷᠡᠨ ᠦᠯᠡᠳ᠋ᠡᠪᠡ᠃

ᠠᠪᠤ ᠶᠢᠨ ᠬᠤᠢ᠌ᠨ᠎ᠠ ᠡᠴᠡ ᠡᠮᠭᠡᠨᠢᠨ ᠵᠤᠪᠠᠭᠠᠳ ᠰᠡᠳᠬᠢᠯ ᠶᠢᠡᠷ ᠤᠨᠠᠭᠰᠠᠨ ᠡᠵᠢ ᠮᠢ᠍ᠨᠢ ᠬᠡᠳ᠋ᠦᠭᠡᠨ ᠡᠳ᠋ᠦᠷ ᠲᠤ ᠦᠳ᠋ᠡᠯᠦᠭᠡᠳ ᠴᠠᠯ ᠪᠤᠭᠤᠷᠤᠯ ᠪᠤᠯᠵᠠᠢ᠃ ᠦᠨᠦᠴᠢ᠍ᠨ ᠭᠠᠭᠴᠠᠭᠠᠷ ᠠᠮᠢ᠍ᠳ᠋ᠤᠷᠠᠬᠤ ᠲᠡᠩᠭᠡᠭᠡ ᠦᠭᠡᠶ ᠪᠤᠯᠬᠤ ᠳᠠᠭᠠᠨ ᠮᠠᠨ ᠤ (ᠡᠵᠢ ᠶᠢᠨ ᠦᠭᠡ ᠪᠠᠷ ᠭᠡᠯᠡᠪᠡᠯ ᠡ᠊ᠨᠳ᠋ᠡ ᠲᠡᠨᠳ᠋ᠡ ᠶᠠᠪᠤᠵᠦ ᠭᠡᠦᠭᠡᠳ ᠤᠨ ᠴᠢ᠍ᠷᠠᠢ ᠬᠠᠷᠠᠵᠦ ᠠᠮᠢ᠍ᠳ᠋ᠤᠷᠠᠬᠤ ᠪᠤᠯᠵᠦ ᠭᠡᠨ᠎ᠠ) ᠠᠬ᠎ᠠ ᠲᠡᠬᠦᠦ ᠭᠡᠳ᠋ᠦᠬᠦᠯᠡ ᠶᠢᠨ ᠳ᠋ᠥ ᠡᠭᠡᠯᠵᠢ᠍ᠯᠡᠨ ᠰᠠᠭᠤᠬᠤ ᠪᠤᠯᠤᠭᠰᠠᠨ ᠶᠤᠮ᠃ ᠡᠩ ᠬᠤᠷᠸ᠎ᠠ ᠶᠢᠨ ᠦᠳ᠋ᠡᠯᠵᠦ ᠬᠦᠭ᠍ᠰᠢ᠍ᠷᠡᠬᠦ ᠵᠢᠮ᠎ᠠ ᠭᠡᠭ᠍ᠴᠢ ᠨᠡᠭᠡᠷᠡᠨ ᠭᠡᠴᠡᠬᠦᠦ᠃ ᠦᠷ᠎ᠠ ᠭᠡᠦᠭᠡᠳ᠂ ᠠᠮᠢ᠍ᠳ᠋ᠤᠷᠠᠯ ᠠᠳ᠋ᠠᠯ ᠭᠡᠳ ᠬᠡᠳ᠋ᠦᠨ ᠠᠷᠪᠠᠨ ᠵᠢᠯ ᠶᠢᠡᠷ ᠬᠦᠨᠳ᠋ᠦ ᠨᠦ᠋ᠰᠡᠷ ᠬᠦᠳ᠋ᠡᠯᠮᠤᠷᠢ ᠬᠢᠭᠡᠳ ᠰᠡᠳᠬᠢᠯ ᠤᠨ ᠲᠠᠷᠤᠭᠠᠰᠤ ᠡᠬᠦᠷᠭᠡᠯᠡᠵᠦ ᠲᠡᠩᠭᠡᠭᠡ ᠲᠠᠮᠢ᠍ᠷ ᠶᠢᠡᠨ ᠰᠢ᠍ᠪᠬᠠᠭᠰᠠᠨ ᠪᠡᠶ᠎ᠠ ᠨᠢ ᠶᠠᠭ ᠯᠡ ᠤᠳ᠋ᠠᠭᠠᠨ ᠡᠳ᠋ᠦᠷ ᠤᠷᠳ᠋ᠦ ᠠᠶᠠᠨ ᠳ᠋ᠥ ᠰᠢ᠍ᠨᠠ ᠴᠦ᠋ ᠨᠢ ᠡᠯᠡᠭ᠍ᠳ᠋ᠡᠵᠦ ᠬᠠᠩᠭ᠋ᠠᠷᠠᠭᠰᠠᠨ ᠮᠤᠳ᠋ᠤᠨ ᠲᠡᠷᠭᠡ ᠰᠢ᠍ᠭ᠌ ᠵᠠᠯᠭᠠᠳ᠋ᠠᠰᠤ ᠪᠦᠬᠦᠨ ᠶᠢᠡᠷ ᠶᠢᠡᠨ ᠵᠠᠢ᠌ᠮᠤᠵᠦ ᠡᠷᠡᠬᠦᠯ ᠡᠳ᠋ᠦᠷ ᠡᠪᠡᠳᠬᠦ ᠦᠭᠡᠶ ᠴᠠᠭ ᠭᠡᠵᠤ ᠦᠭᠡᠶ ᠪᠤᠯᠵᠠᠢ᠃ ᠲᠡᠭᠡᠯᠬᠦᠢ᠂ ᠡᠵᠢ ᠮᠢ᠍ᠨᠢ ᠡᠨᠡ ᠪᠡᠶ᠎ᠠ ᠳᠡᠭᠡᠨ ᠶᠢ᠍ᠰᠦᠨ ᠭᠡᠦᠭᠡᠳ ᠢ ᠲᠡᠭᠡᠭᠡᠵᠦ ᠲᠦ᠋ᠷᠦᠬᠦᠯᠵᠦ᠂ ᠬᠤᠶᠠᠷ ᠬᠦᠦ ᠪᠠᠨ ᠤᠯᠠᠭᠠᠨ ᠨᠢ᠍ᠯᠬ᠎ᠠ ᠳ᠋ᠤᠨᠢ ᠠᠯᠳ᠋ᠠᠵᠦ᠂ ᠲᠤᠯᠤᠭᠠᠨ ᠭᠡᠦᠭᠡᠳ ᠶᠢᠡᠨ ᠦᠰᠭᠡᠵᠦ ᠡᠷ᠎ᠠ ᠶᠢᠨ ᠵᠡᠷᠭᠡ ᠳ᠋ᠥ ᠬᠦᠷᠭᠡᠵᠦ ᠡᠬᠦᠳ᠋ᠡ ᠡᠷᠦᠭᠡ ᠲᠡᠶ ᠪᠤᠯᠭᠠᠳ᠋ᠠᠯ᠎ᠠ ᠶᠠᠳ᠋ᠠᠭᠤ ᠲᠠᠳ᠋ᠠᠭᠤ ᠲᠡᠷᠡ ᠨᠡᠢ᠌ᠬᠡᠮ ᠳ᠋ᠥ ᠶᠠᠮᠠᠷ ᠬᠠᠯᠠ ᠶᠢ ᠠᠮᠰᠠᠭᠰᠠᠨ ᠦᠭᠡᠶ ᠪᠤᠢ ᠳ᠋ᠠ᠃ ᠬᠡᠶ᠎ᠠ ᠡᠵᠢ ᠮᠢ᠍ᠨᠢ ᠦᠭᠡᠯᠡᠢ ᠦᠨᠳ᠋ᠦᠷ ᠪᠤᠯᠤᠭᠰᠠᠨ ᠦᠷ᠎ᠠ ᠭᠡᠦᠭᠡᠳ ᠶᠢᠡᠨ ᠵᠠᠷᠤᠭᠠᠳ ᠵᠢᠷᠭᠠᠭᠰᠠᠨ ᠡᠳ᠋ᠦᠷ ᠪᠠᠢ᠌ᠬᠤ ᠦᠭᠡᠶ᠂ ᠪᠠᠭ᠎ᠠ ᠯᠡ ᠲᠡᠩᠭᠡᠭᠡ ᠲᠡᠶ ᠪᠤᠯ ᠠᠯᠢ ᠨᠢ᠍ᠭᠡᠨ ᠳ᠋ᠤᠨᠢ ᠲᠤᠰᠠ ᠬᠦᠷᠭᠡᠬᠦ ᠭᠡᠳ ᠵᠢᠳᠬᠦᠳ᠋ᠡᠭ᠌ ᠪᠢᠯᠡ᠂ ᠪᠤᠷᠬᠠᠨ ᠰᠡᠳᠬᠢᠯ ᠲᠡᠶ ᠡᠵᠢ ᠮᠢ᠍ᠨᠢ︕

ᠡᠵᠢ ᠬᠠᠶᠠ ᠨᠠᠳ᠋ᠠ ᠲᠡᠭᠡᠷ᠎ᠠ ᠢᠷᠡᠪᠡᠯ᠂ ᠪᠢ ᠵᠤᠯᠤᠭ ᠲᠦ᠋ᠷᠡᠢ ᠨᠠᠭᠠᠬᠤ ᠳ᠋ᠥ ᠠᠳ᠋ᠠᠭ ᠲᠠᠭᠠᠨ ᠬᠦᠪᠦᠷᠢ᠍ᠳᠴᠦ ᠦᠭ᠍ᠬᠦ ᠭᠡᠳ ᠠᠮᠠᠷ ᠰᠠᠭᠤᠳ᠋ᠠᠭ ᠦᠭᠡᠶ᠃ ᠪᠢ ᠤᠯᠠ ᠨᠠᠭᠠᠪᠠᠯ ᠤᠯᠤᠰᠤᠨ ᠤᠳ᠋ᠠᠰᠤ ᠲᠠᠮᠤᠵᠦ ᠦᠭ᠍ᠬᠦ ᠭᠡᠳ ᠮᠤᠩᠭ᠋ᠠᠨᠢᠳ᠋ᠠᠭ᠃ ᠡᠵᠢ ᠶᠢᠨ ᠪᠡᠶ᠎ᠠ ᠭᠠᠷ ᠨᠢ ᠡᠪᠡᠳᠴᠦ ᠵᠤᠪᠠᠬᠤ ᠶᠢ ᠦᠵᠡᠭᠡᠳ ᠬᠤᠪᠢᠶᠠᠯᠴᠠᠵᠦ ᠴᠢ᠍ᠳ᠋ᠠᠬᠤ ᠦᠭᠡᠶ ᠳᠡᠭᠡᠨ ᠵᠤᠪᠠᠳ᠋ᠠᠭ ᠪᠢ᠂ 《ᠡᠵᠢ ᠡ᠂ ᠲᠠ ᠪᠡᠶ᠎ᠠ ᠪᠠᠨ ᠭᠠᠮᠨᠠᠭᠠᠷᠠᠢ᠂ ᠡ᠊ᠨᠳ᠋ᠡ ᠲᠡᠨᠳ᠋ᠡ ᠴᠢ᠍ᠨᠢ ᠡᠪᠡᠳᠬᠦ ᠦᠭᠡᠶ ᠡᠷᠡᠬᠦᠯ ᠰᠠᠷᠠᠭᠤᠯ ᠰᠠᠭᠤᠬᠤ ᠶᠢ ᠴᠢ᠍ᠨᠢ ᠦᠵᠡᠪᠡᠯ ᠪᠢ ᠶᠠᠭᠤᠨ ᠡᠴᠡ ᠢᠯᠡᠬᠦᠦ ᠪᠠᠶᠠᠷᠯᠠᠨ᠎ᠠ ᠰᠢ᠍ᠦ︕》 ᠭᠡᠵᠤ ᠭᠡᠯᠡᠬᠦ ᠳ᠋ᠥ ᠡᠵᠢ ᠮᠢ᠍ᠨᠢ ᠤᠩᠭ᠋ᠤᠷᠬᠠᠢ ᠰᠢ᠍ᠳ᠋ᠦᠨ ᠤ ᠪᠠᠨ ᠵᠠᠪᠰᠠᠷ ᠶᠢᠡᠷ ᠭᠡᠯᠡ ᠪᠠᠨ ᠪᠤᠯᠳ᠋ᠠᠯᠵᠠᠭᠤᠯᠵᠦ᠂ ᠲᠠᠮᠤᠭᠰᠠᠨ ᠭᠡᠳ᠋ᠦᠨ ᠤᠯᠤᠰᠤᠨ ᠤᠳ᠋ᠠᠰᠤ ᠪᠠᠨ ᠵᠢᠭᠠᠭᠠᠳ᠂ 《ᠡᠬᠦᠨ ᠢ ᠪᠠᠰᠠ ᠶᠠᠭᠤᠮ᠎ᠠ ᠬᠢᠯ᠎ᠠ ᠭᠡᠬᠦ ᠦᠦ᠂ ᠪᠢ ᠬᠠᠰᠢ ᠯᠡ ᠦᠳ᠋ᠡᠯᠴᠢ᠍ᠬᠡᠵᠡᠢ᠂ ᠭᠡᠨ ᠳ᠋ᠥ ᠴᠦ ᠲᠤᠰᠠ ᠦᠭᠡᠶ ᠭᠡᠷᠡᠭ᠌ ᠦᠭᠡᠶ ᠬᠦᠮᠦᠨ ᠪᠤᠯᠴᠢ᠍ᠬᠠᠵᠠᠢ ᠁》 ᠭᠡᠳ ᠢᠨᠢᠶᠡᠬᠦ ᠳ᠋ᠤᠨᠢ ᠡᠵᠢ ᠶᠢᠨ ᠤᠬᠤᠷᠬᠠᠢ ᠳᠠᠭᠠᠨ ᠰᠢ᠍ᠷᠬᠢᠵᠦ ᠮᠠᠨᠠᠨᠳ᠋ᠤᠭᠰᠠᠨ ᠬᠦᠭᠡ ᠨᠢ᠍ᠳ᠋ᠦᠨ ᠡᠴᠡ ᠪᠢ ᠡᠭᠡ ᠬᠦᠮᠦᠨ ᠳ᠋ᠥ ᠯᠡ ᠪᠠᠢ᠌ᠳ᠋ᠠᠭ ᠡᠨᠡᠷᠢ᠍ᠯ ᠤᠨ ᠲᠤᠶᠠᠭ᠎ᠠ ᠲᠠᠳ᠋ᠠᠬᠤ ᠶᠢ ᠤᠯᠵᠦ ᠬᠠᠷᠠᠳ᠋ᠠᠭ ᠪᠢᠯᠡ᠃ ᠡᠵᠢ ᠮᠢ᠍ᠨᠤ ᠲᠡᠷᠭᠡᠳ᠋ᠡ ᠨᠢ᠍ᠭᠡ ᠯᠡ ᠰᠠᠷ᠎ᠠ ᠪᠤᠯᠬᠤ ᠲᠡᠶ ᠦᠭᠡᠶ ᠲᠡᠶ ᠠᠬ᠎ᠠ ᠶᠢᠨ ᠳ᠋ᠥ ᠪᠢᠰᠢ ᠪᠤᠯ ᠡᠭᠡᠴᠢ ᠶᠢᠨ ᠳ᠋ᠥ ᠶᠠᠪᠤᠬᠤ ᠪᠤᠯᠴᠢ᠍ᠬᠠᠳ᠋ᠠᠭ᠃ ᠪᠢ ᠡᠵᠢ ᠡᠴᠡ ᠰᠠᠯᠬᠤ ᠲᠤᠷ᠎ᠠ ᠦᠭᠡᠶ ᠪᠤᠯᠬᠤᠷ᠂ 《ᠡᠵᠢ ᠮᠢ᠍ᠨᠢ ᠡ᠂ ᠲᠠ ᠶᠠᠪᠤᠬᠤ ᠭᠡᠷᠡᠭ᠌ ᠦᠭᠡᠶ᠂ ᠪᠢ ᠲᠠᠨ ᠢ ᠶᠠᠪᠤᠭᠤᠯᠬᠤ ᠦᠭᠡᠶ》 ᠭᠡᠬᠦ ᠳ᠋ᠥ ᠡᠵᠢ᠂ 《ᠬᠦᠶ‍ᠢ᠂ ᠴᠢ ᠴᠢ᠍ᠨᠢ ᠲᠤᠮᠤ ᠭᠡᠷ ᠪᠦᠯᠢ ᠶᠢᠨ ᠡᠵᠡᠭ᠍ᠳ᠋ᠡᠢ ᠰᠢ᠍ᠦ᠂ ᠬᠠᠳ᠋ᠠᠮ ᠠᠪᠤ ᠡᠵᠢ ᠲᠡᠶ ᠬᠠᠮᠳ᠋ᠦ ᠠᠮᠢ᠍ᠳ᠋ᠤᠷᠠᠵᠦ ᠪᠠᠢ᠌ᠭ᠎ᠠ ᠬᠦᠮᠦᠨ᠂ ᠬᠠᠳ᠋ᠠᠮ ᠡᠵᠢ ᠴᠢ᠍ᠨᠢ ᠪᠠᠰᠠ ᠬᠤᠢ᠌ᠳ᠋ᠦ ᠡᠵᠢ᠃ ᠡᠵᠢ ᠨᠢ ᠦᠭᠡᠷ ᠤᠨ ᠴᠢ᠍ᠨᠡᠭᠡ ᠦ ᠶᠢ ᠲᠠᠨᠢᠬᠤ ᠦᠭᠡᠶ ᠪᠤᠯᠪᠠᠴᠤ ᠬᠤᠢ᠌ᠳ᠋ᠦ ᠤᠷᠢ᠍ᠳ᠋ᠦ ᠲᠡᠶ ᠭᠡᠷ ᠤᠨ ᠠᠮᠢ᠍ᠳ᠋ᠤᠷᠠᠯ ᠭᠡᠳ᠋ᠦᠢ ᠶᠡᠭᠡ ᠡᠭᠡᠳ᠋ᠡᠷᠡᠭᠡᠨ ᠲᠡᠶ ᠶᠢ ᠪᠤᠯ ᠬᠠᠷᠢ᠍ᠨ ᠰᠠᠢ᠌ᠨ ᠮᠡᠳ᠋ᠡᠨ᠎ᠠ᠃ ᠦᠬᠢᠨ ᠶᠢᠡᠨ ᠲᠤᠳ᠋ᠠᠭᠤ ᠵᠤᠪᠠᠭᠠᠶ᠎ᠠ》 ᠭᠡᠳ ᠯᠡ ᠶᠠᠭᠠᠬᠢᠵᠦ ᠬᠤᠷᠢ᠍ᠭᠯᠠᠪᠠᠴᠤ ᠶᠠᠪᠤᠬᠤ ᠪᠤᠯᠴᠢ᠍ᠬᠠᠳ᠋ᠠᠭ᠃ ᠪᠢ ᠡᠵᠢ ᠶᠢᠨ ᠶᠢᠡᠨ ᠬᠤᠯᠠᠳ᠋ᠠᠨ ᠬᠤᠯᠠᠳ᠋ᠠᠬᠤ ᠪᠠᠷ᠎ᠠ ᠶᠢ ᠬᠠᠷᠠᠵᠦ ᠵᠤᠭᠰᠤᠬᠤ ᠳᠠᠭᠠᠨ ᠄ 《ᠡᠵᠢ ᠡ︕ ᠦᠢ᠍ᠯᠡ ᠲᠡᠶ ᠡᠵᠢ ᠮᠢ᠍ᠨᠢ ᠳ᠋ᠠ᠂ ᠲᠠ ᠬᠡᠦᠭᠡᠨ ᠶᠢᠡᠨ ᠵᠤᠪᠠᠭᠠᠬᠤ ᠦᠭᠡᠶ ᠭᠡᠳ ᠪᠡᠶ᠎ᠠ ᠪᠠᠨ ᠲᠡᠩᠳ᠋ᠠ ᠵᠤᠪᠠᠭᠠᠬᠤ ᠶᠤᠮ᠂ ᠲᠠ ᠦᠪᠡᠷ ᠢ ᠪᠠᠨ ᠨᠢ᠍ᠭᠡ ᠤᠳ᠋ᠠᠭ᠎ᠠ ᠪᠤᠳ᠋ᠤᠴᠢ᠍ᠬᠠᠵᠦ ᠪᠤᠯᠬᠤ ᠦᠭᠡᠶ ᠦᠦ︖᠁》 ᠭᠡᠳ ᠯᠡ ᠨᠢ᠍ᠯᠪᠤᠰᠤ ᠪᠠᠨ ᠠᠷᠴᠢ᠍ᠭᠠᠳ ᠬᠤᠴᠤᠷᠳ᠋ᠠᠭ ᠪᠢᠯᠡ᠃ ᠲᠡᠷᠡ ᠦᠶ᠎ᠠ ᠳ᠋ᠥ ᠪᠢ ᠭᠡᠳ᠋ᠦᠢ᠌ᠪᠡᠷ ᠲᠦ᠋ᠴᠢ ᠬᠦᠷᠴᠦ ᠲᠦ᠋ᠷᠪᠡᠨ ᠭᠡᠦᠭᠡᠳ ᠤᠨ ᠡᠵᠢ ᠪᠤᠯᠤᠭᠰᠠᠨ ᠪᠤᠯᠪᠠᠴᠤ ᠡᠵᠢ ᠮᠢ᠍ᠨᠢ ᠲᠡᠷᠭᠡᠳ᠋ᠡ ᠪᠠᠢ᠌ᠬᠤ ᠳ᠋ᠥ ᠰᠡᠳᠬᠢᠯ ᠲᠦ᠋ᠬᠦᠷᠡᠩ ᠮᠦ᠋ᠷᠳ᠋ᠡᠭᠡᠨ ᠠᠮᠢ᠍ᠳ᠋ᠤᠷᠠᠯ ᠨᠠᠳ᠋ᠠᠳ᠋ᠤ ᠨᠦ᠋ᠮᠦᠷᠢ ᠲᠦ᠋ᠰᠢ᠍ᠭ᠌ ᠲᠡᠶ ᠦᠶ‍ᠦᠭ᠌ ᠲᠠᠩᠰᠤᠭ ᠰᠠᠨᠠᠭᠳ᠋ᠠᠳ᠋ᠠᠭ ᠰᠠᠨ᠃ ᠲᠡᠭᠡᠯᠬᠦᠢ ᠶᠠᠭᠠᠬᠢᠬᠤᠪ ᠳ᠋ᠠ᠂ ᠡᠵᠢ ᠶᠢᠨ ᠡᠨᠡᠷᠢ᠍ᠯ ᠬᠠᠢ᠌ᠷ᠎ᠠ ᠳ᠋ᠥ ᠪᠦᠪᠡᠢ᠌ᠯᠡᠭ᠍ᠳ᠋ᠡᠵᠦ᠂ ᠡᠨᠡᠷᠢ᠍ᠩᠬᠦᠢ ᠴᠢ᠍ᠷᠠᠢ ᠶᠢ ᠨᠢ ᠬᠠᠷᠠᠵᠦ᠂ ᠡᠷᠬᠡᠯᠡᠵᠦ ᠨᠢ᠍ᠯᠬᠠᠷᠠᠬᠤ ᠡᠴᠡ ᠤᠨᠳ᠋ᠤᠤ ᠵᠢᠷᠭᠠᠯ ᠬᠠᠮᠢ᠍ᠭ᠎ᠠ ᠪᠠᠢ᠌ᠬᠤ ᠪᠤᠢ︖

ᠡᠵᠢ ᠮᠢ᠍ᠨᠢ ᠲᠡᠷᠭᠡᠳ᠋ᠡ ᠪᠠᠢ᠌ᠬᠤ ᠳ᠋ᠥ

ᠬᠠᠪᠤᠷ ᠤᠨ ᠰᠢ᠍ᠪᠠᠭᠤ ᠴᠠᠭ ᠡᠴᠡ ᠪᠠᠨ ᠡᠷᠳ᠋ᠡ ᠢᠷᠡᠳ᠋ᠡᠭ᠌

ᠬᠠᠷᠠᠵᠠ ᠶᠢᠨ ᠤᠰᠤ ᠭᠤᠤᠯ ᠡᠴᠡ ᠪᠠᠨ ᠡᠬᠢᠯᠡᠵᠦ ᠭᠡᠰᠳ᠋ᠡᠭ᠌

ᠡᠵᠢ ᠮᠢ᠍ᠨᠢ ᠲᠡᠷᠭᠡᠳ᠋ᠡ ᠪᠠᠢ᠌ᠭ᠎ᠠ ᠪᠤᠯᠬᠤ᠁ ᠲᠡᠭᠡᠬᠦ ᠳᠡᠭᠡᠨ ᠯᠡ ᠡᠭᠡ ᠶᠢᠨ ᠬᠠᠢ᠌ᠷ᠎ᠠ ᠪᠤᠮᠠᠨ ᠦᠶ᠎ᠠ ᠠᠯᠳ᠋ᠠᠷᠰᠢ᠍ᠵᠦ ᠪᠤᠭᠤᠷᠤᠯ ᠲᠡᠯᠡᠭᠡᠢ ᠶᠢ ᠵᠦ᠋ᠭᠡᠯᠡᠯᠡᠳ᠋ᠡᠭ᠌ ᠪᠠᠢ᠌ᠵᠠᠢ᠃

ᠡᠩ ᠬᠤᠷᠸ᠎ᠠ ᠶᠢᠨ ᠡᠷᠬᠢᠬᠦᠯᠵᠦ ᠲᠤᠭᠤᠷᠢ᠍ᠭᠤᠯᠬᠤ ᠶᠢᠨ ᠠᠷᠭ᠎ᠠ ᠦᠭᠡᠶ ᠵᠢᠮ᠎ᠠ ᠪᠠᠷ ᠡᠵᠢ ᠮᠢ᠍ᠨᠢ ᠲᠡ᠊ ᠊᠊᠊᠊᠊᠊᠊᠊᠊᠊᠊᠊᠊᠊᠊ ᠷᠡ ᠵᠢᠯ ᠪᠤᠷᠬᠠᠨ ᠪᠤᠯᠴᠢ᠍ᠬᠠᠯ᠎ᠠ᠃ ᠦᠷ᠎ᠠ ᠭᠡᠦᠭᠡᠳ ᠶᠢᠡᠨ ᠬᠦᠮᠦᠨ ᠲᠡᠶ ᠠᠳ᠋ᠠᠯᠢ ᠬᠦᠮᠦᠨ ᠪᠤᠯᠭᠠᠶ᠎ᠠ ᠭᠡᠵᠤ ᠦᠰᠦᠨ ᠡᠴᠡ ᠪᠠᠨ ᠴᠦ ᠤᠯᠠᠨ ᠬᠠᠯᠠ ᠵᠤᠪᠠᠯᠠᠩ ᠦᠵᠡᠵᠦ ᠶᠠᠪᠤᠭᠰᠠᠨ ᠡᠵᠢ ᠮᠢ᠍ᠨᠢ ᠦᠷ᠎ᠠ ᠭᠡᠦᠭᠡᠳ ᠡᠴᠡ ᠪᠠᠨ ᠶᠠᠭᠤ ᠴᠦ ᠠᠪᠤᠭᠰᠠᠨ ᠦᠭᠡᠶ᠂ ᠡᠨᠡ ᠬᠤᠷᠸ᠎ᠠ ᠡᠴᠡ ᠴᠦ ᠬᠢᠯᠭᠠᠰᠤᠨ ᠲᠡᠳ᠋ᠦᠢ ᠶᠠᠭᠤᠮ᠎ᠠ ᠠᠪᠤᠭᠰᠠᠨ ᠦᠭᠡᠶ ᠪᠠᠷ ᠡᠷᠬᠢᠵᠦ ᠪᠤᠴᠠᠰᠢ ᠦᠭᠡᠶ ᠶᠠᠪᠤᠴᠢ᠍ᠬᠠᠯ᠎ᠠ᠃ ᠨᠠᠮ᠎ᠠ ᠶᠢ ᠡᠨᠡ ᠲᠡᠯᠡᠭᠡᠢ ᠳ᠋ᠥ ᠢᠷᠡᠭ᠍ᠰᠡᠨ ᠴᠠᠭ ᠡᠴᠡ ᠡᠬᠢᠯᠡᠭᠡᠳ ᠠᠮᠢ᠍ᠰᠬᠤᠵᠦ ᠶᠠᠪᠤᠭᠰᠠᠨ ᠠᠭᠠᠷ ᠰᠢ᠍ᠭ ᠲᠦ᠋ᠴᠢ᠍ᠨ ᠭᠤᠷᠪᠠᠨ ᠵᠢᠯ ᠰᠠᠯᠤᠯ ᠦᠭᠡᠶ ᠲᠡᠷᠭᠡᠳ᠋ᠡ ᠮᠢ᠍ᠨᠢ ᠪᠠᠢ᠌ᠭᠰᠠᠨ ᠡᠨᠡᠷᠢ᠍ᠯ ᠬᠠᠢ᠌ᠷ᠎ᠠ ᠪᠠᠨ ᠠᠯᠳ᠋ᠠᠭᠰᠠᠨ ᠨᠠᠳ᠋ᠠᠳ᠋ᠤ ᠠᠪᠴᠦ ᠬᠡᠯᠡᠪᠡᠯ ᠲᠡᠷᠡ ᠨᠢ ᠲᠡᠭ᠍ᠷᠢ ᠨᠤᠷᠠᠵᠠᠢ᠃ ᠦᠯᠦᠭᠡᠢ ᠶᠢᠨ ᠲᠡᠷᠭᠡᠳ᠋ᠡ ᠮᠠᠨᠴᠤᠢ ᠶᠢᠨ ᠬᠠᠵᠠᠭᠤ᠂ ᠦᠭᠡ ᠭᠡᠯᠡᠵᠦ ᠰᠤᠷᠬᠤ ᠡᠴᠡ ᠠᠯᠬᠤᠵᠦ ᠬᠢᠰᠬᠢᠵᠦ ᠴᠢ᠍ᠳ᠋ᠠᠳ᠋ᠠᠯ᠎ᠠ ᠪᠠᠰᠠ ᠪᠢᠴᠢ᠍ᠭ᠌ ᠰᠤᠶᠤᠯ ᠰᠤᠷᠴᠦ᠂ ᠠᠵᠢ᠍ᠯ ᠦᠢ᠍ᠯᠡᠰ ᠮᠦ᠋ᠷᠳ᠋ᠡᠵᠦ᠂ ᠠᠢ᠌ᠯ ᠡᠷᠦᠭᠡ ᠪᠤᠰᠬᠠᠳ᠋ᠠᠯ᠎ᠠ ᠨᠠᠮ᠎ᠠ ᠶᠢ ᠬᠠᠮᠢ᠍ᠭ᠎ᠠ ᠶᠠᠪᠤᠵᠦ ᠶᠠᠭᠤ ᠬᠢᠭ᠍ᠰᠡᠨ ᠴᠦ ᠵᠢᠯᠤᠭᠤ ᠶᠢ ᠮᠢ᠍ᠨᠢ ᠵᠠᠯᠠᠵᠦ ᠵᠤᠷᠢ᠍ᠭ ᠢ ᠮᠢ᠍ᠨᠢ ᠬᠦᠪᠴᠢ᠍ᠯᠡᠭ᠍ᠰᠡᠨ ᠡᠨᠡᠷᠢ᠍ᠯ ᠬᠠᠢ᠌ᠷ᠎ᠠ ᠨᠠᠳ᠋ᠠ ᠡᠴᠡ ᠰᠠᠯᠤᠭᠠᠳ ᠤᠳᠬᠤ ᠳ᠋ᠥ ᠪᠢ ᠦᠮᠦᠭ᠌ ᠲᠦ᠋ᠰᠢ᠍ᠭ᠌ ᠦᠭᠡᠶ ᠡᠷᠢ᠍ᠶᠡᠨ ᠬᠤᠷᠸ᠎ᠠ ᠶᠢᠨ ᠢᠪᠴᠤᠤᠬᠠᠨ ᠵᠠᠢ ᠳ᠋ᠥ ᠡᠩᠭᠡᠷ ᠡᠪᠴᠢ᠍ᠬᠦᠦ ᠪᠠᠨ ᠨᠢ᠍ᠯᠪᠤᠰᠤ ᠪᠠᠷ ᠲᠡᠪᠳ᠋ᠦᠭᠡᠵᠦ ᠬᠤᠴᠤᠷᠤᠭᠰᠠᠨ᠃

ᠡᠨᠡᠷᠢ᠍ᠯ ᠤᠨ ᠲᠡᠭ᠍ᠷᠢ ᠡᠵᠢ ᠮᠢ᠍ᠨᠢ ᠡᠬᠦᠷᠢ᠍ᠳ᠋ᠡ ᠶᠢᠨ ᠵᠢᠷᠭᠠᠯᠠᠩᠳ᠋ᠤ ᠤᠷᠤᠨ ᠳᠠᠭᠠᠨ ᠲᠡᠪᠰᠢ᠍ᠭ᠍ᠰᠡᠨ ᠪᠤᠯᠪᠠᠴᠤ ᠦᠷᠦᠰᠢ᠍ᠶᠡᠯ ᠠᠭᠤᠳ᠋ᠠᠮ ᠬᠠᠢ᠌ᠷ᠎ᠠ ᠪᠤᠯᠤᠨ ᠡᠷᠳ᠋ᠡᠨᠢ ᠬᠠᠰ ᠤᠨ ᠰᠤᠷᠭᠠᠯ ᠨᠢ ᠮᠢ᠍ᠨᠤ ᠴᠡᠭᠡᠵᠢ᠍ᠨ ᠳ᠋ᠥ ᠮᠦ᠋ᠩᠭᠡᠷᠡᠵᠡᠢ᠃ ᠬᠠᠷᠠᠩᠭ᠋ᠤᠢ ᠶᠢ ᠭᠡᠷᠡᠯᠳ᠋ᠦᠬᠦᠯᠦᠭ᠍ᠴᠢ ᠨᠠᠷᠠᠨ ᠵᠤᠯᠠ ᠪᠤᠯᠤᠭᠰᠠᠨ ᠭᠡᠭᠡᠨ ᠰᠤᠷᠭᠠᠯ ᠨᠠᠳ᠋ᠠᠳ᠋ᠦ ᠠᠵᠢ᠍ᠯᠴᠢ ᠬᠦᠳ᠋ᠡᠯᠮᠤᠷᠢ᠍ᠴᠢ᠂ ᠠᠭᠤᠳ᠋ᠠᠮᠴᠢ ᠪᠠᠭᠳ᠋ᠠᠭᠠᠮᠵᠢ ᠲᠡᠶ᠂ ᠨᠢ᠍ᠩᠵᠢ᠍ᠨ ᠰᠡᠳᠬᠢᠯ ᠪᠤᠶᠠᠨᠰᠠᠭ ᠦᠢ᠍ᠯᠡ ᠲᠡᠶ ᠪᠠᠢ᠌ᠬᠤ ᠶᠢ ᠴᠠᠭ ᠦᠷᠬᠦᠯᠵᠢ ᠰᠠᠨᠠᠭᠤᠯᠵᠦ᠂ ᠪᠤᠭᠤᠷᠤᠯ ᠬᠤᠷᠸ᠎ᠠ ᠶᠢᠨ ᠪᠤᠳ᠋ᠠᠩ ᠮᠠᠨᠠᠨ ᠤ ᠲᠤᠮᠳ᠋ᠠ ᠡᠴᠡ ᠭᠡᠭᠡᠨ ᠰᠠᠷᠠᠭᠤᠯ ᠰᠠᠢ᠌ᠨ ᠰᠠᠢ᠌ᠬᠠᠨ ᠲᠡᠰᠢ ᠬᠦᠳ᠋ᠦᠯᠳ᠋ᠡᠭ᠌ ᠪᠢᠯᠡ᠃

ᠡᠵᠢ ᠡ᠂ ᠬᠦᠭᠡᠷᠦᠬᠦᠢ ᠡᠵᠢ ᠮᠢ᠍ᠨᠢ︕ ᠰᠡᠳᠬᠢᠯ ᠤᠨ ᠪᠤᠷᠬᠠᠨ ᠮᠢ᠍ᠨᠢ︕ ᠪᠢ ᠲᠠᠨ ᠤ ᠪᠠᠨ ᠡᠷᠳ᠋ᠡᠨᠢ ᠶᠢᠨ ᠰᠤᠷᠭᠠᠯ ᠢ ᠦᠷ᠎ᠠ ᠬᠤᠢ᠌ᠴᠢ᠍ᠰ ᠲᠠᠭᠠᠨ ᠤᠯᠠᠮᠵᠢ᠍ᠯᠠᠨ ᠦᠯᠡᠳ᠋ᠡᠭᠡᠵᠦ᠂ ᠲᠠᠨ ᠢ ᠪᠠᠨ ᠬᠡᠵᠢ᠍ᠶ᠎ᠠ ᠡᠬᠦᠷᠢ᠍ᠳ᠋ᠡ ᠰᠡᠳᠬᠢᠯ ᠤᠨ ᠦᠨᠳ᠋ᠦᠷ ᠲᠡᠭᠡᠨ ᠲᠡᠭᠡᠳ᠋ᠦᠯᠡᠨ ᠰᠢ᠍ᠳ᠋ᠦᠨ᠎ᠠ᠃

ᠠᠮᠤᠭᠤᠯᠠᠩ ᠵᠢᠷᠭᠠᠭᠠᠷᠠᠢ ᠳ᠋ᠠ᠂ ᠡᠨᠡᠷᠢ᠍ᠯᠳ᠋ᠦ ᠡᠵᠢ ᠮᠢ᠍ᠨᠢ︕


ᠵᠤᠬᠢᠶᠠᠭᠴᠢ ᠶᠢᠨ ᠬᠠ‍‌ᠶᠢᠭ᠄ ᠵᠠᠷᠤᠳ ᠬᠤᠰᠢᠭᠤ

ᠵᠤᠬᠢᠶᠠᠭᠴᠢ᠄ ᠰᠡᠷᠵᠢ᠍ᠮ᠎ᠠ
ᠢᠷᠡᠯᠲᠡ᠄ 《ᠵᠠᠷᠤᠳ ᠤᠨ ᠤᠷᠠᠨ ᠵᠤᠬᠢᠶᠠᠯ》 ᠰᠡᠳᠭᠦᠯ
ᠬᠠᠷᠢᠶ᠎ᠠ᠄ ᠨᠠᠢᠷᠠᠭᠤᠯᠤᠯ
ᠳᠠᠷᠤᠮ᠄ 71768
ᠴᠠᠭ᠄ 2018 ᠤᠨ ᠤ 04 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ