☆ ᠭᠦᠷᠵᠠᠪ
ᠬᠢᠲᠤᠭ᠎ᠠ ᠪᠠ ᠲᠠᠷᠢᠬᠢ
(ᠪᠢᠴᠢᠯ ᠰᠢᠭᠦᠮᠵᠢ ᠨᠠᠢ᠌ᠷᠠᠭᠤᠯᠤᠯ)
ᠭᠢᠳᠤᠭ᠎ᠠ ᠶᠢ ᠪᠢᠯᠡᠭᠦᠳᠡᠭᠦ ᠦᠭᠡᠶ᠂ ᠵᠥᠯᠭᠦᠭᠦ ᠦᠭᠡᠶ ᠪᠣᠯ ᠵᠢᠪᠠᠷᠠᠵᠤ ᠪᠣᠷᠤᠯᠠᠵᠤ ᠮᠤᠬᠤᠭᠤ ᠪᠣᠯᠤᠨ᠎ᠠ᠃ ᠡᠳᠦᠷ ᠡᠳᠦᠷ ᠪᠢᠯᠡᠭᠦᠳᠡᠵᠤ᠂ ᠡᠳᠦᠷ ᠡᠳᠦᠷ ᠵᠥᠯᠭᠦᠪᠠᠯ ᠢᠷ ᠨᠢ ᠣᠯᠠᠮ ᠬᠤᠷᠴᠠ ᠣᠯᠠᠮ ᠭᠢᠯᠠᠯᠵᠠᠮ᠎ᠠ ᠪᠣᠯᠵᠤ᠂ ᠭᠡᠷᠡᠭᠯᠡᠭ᠍ᠴᠢᠳ ᠤᠨ ᠰᠠᠨᠠᠭ᠎ᠠ ᠰᠠᠤᠠᠭᠢᠯ ᠢ ᠪᠠᠶᠠᠰᠬᠠᠵᠤ᠂ ᠦᠪᠡᠷ ᠤᠨ ᠣᠢ᠌ᠯᠠᠳᠤᠯ ᠶᠢᠡᠨ ᠪᠠᠳᠠᠷᠠᠭᠤᠯᠵᠤ ᠳᠠᠢ᠌ᠯᠤᠨ᠎ᠠ᠃ ᠡᠨᠡ ᠪᠣᠯ ᠭᠢᠳᠤᠭ᠎ᠠ ᠶᠢᠨ ᠰᠢᠠᠵᠢ ᠴᠢᠨᠠᠷ᠂ ᠵᠢᠮ᠎ᠠ ᠶᠤᠰᠤ᠃
ᠳᠠᠷᠢᠭᠢ ᠊᠊᠊᠊᠊᠊᠊᠊᠊᠊᠊᠊᠊᠊᠊ ᠭᠦᠮᠤᠨ ᠤ ᠳᠠᠷᠢᠭᠢ ᠮᠦᠨ ᠭᠢᠳᠤᠭ᠎ᠠ ᠲᠡᠶ ᠠᠳᠠᠯᠢ᠃ ᠭᠡᠷᠡᠭᠯᠡᠭᠦ ᠦᠭᠡᠶ᠂ ᠭᠦᠳᠡᠯᠭᠡᠭᠦ ᠦᠭᠡᠶ ᠣᠷᠳᠤ ᠬᠤᠭᠤᠴᠠᠭ᠎ᠠ ᠪᠣᠯᠪᠠᠯ《ᠵᠢᠪᠠᠷᠠᠵᠤ》᠊᠊᠊᠊᠊᠊᠊᠊᠊᠊᠊᠊᠊᠊᠊ ᠬᠣᠢ᠌ᠷᠭᠤᠰᠢᠵᠤ ᠪᠢᠳᠠᠭᠤᠷᠠᠵᠤ᠂ ᠰᠠᠨᠠᠭ᠎ᠠ ᠪᠠᠷ ᠴᠢᠨᠢ ᠭᠦᠳᠡᠯᠵᠤ ᠵᠠᠷᠤᠭᠳᠠᠬᠤ ᠦᠭᠡᠶ ᠪᠣᠯᠤᠨ᠎ᠠ᠃ ᠡᠳᠦᠷ ᠡᠳᠦᠷ᠂ ᠴᠠᠭ ᠴᠠᠭ ᠭᠦᠳᠡᠯᠭᠡᠵᠤ ᠭᠡᠷᠡᠭᠯᠡᠭᠡᠤᠨ ᠪᠠᠢ᠌ᠪᠠᠯ ᠣᠯᠠᠮ ᠰᠡᠷᠭᠡᠭ᠌ ᠪᠣᠯᠵᠤ᠂ ᠠᠵᠢᠯ ᠣᠢ᠌ᠯᠠᠰ ᠠᠮᠢᠳᠤᠷᠠᠯ ᠭᠦᠭᠡᠭᠡᠴᠡᠯᠳᠦᠯ ᠳᠤ ᠴᠢᠨᠢ ᠠᠴᠢ ᠳᠤᠰᠠ ᠪᠠᠨ ᠥᠵᠡᠭᠦᠯᠵᠤ ᠴᠢᠳᠠᠨ᠎ᠠ᠂ ᠭᠦᠷᠭᠡᠵᠤ ᠳᠠᠢ᠌ᠯᠤᠨ᠎ᠠ᠃
ᠡᠭᠦᠨ ᠡᠴᠡ ᠪᠢᠳᠠ ᠲᠦᠮᠡᠨ ᠪᠣᠳᠠᠰ ᠤᠨ ᠳᠡᠷᠢᠭᠦᠨ ᠪᠣᠯᠤᠭᠰᠠᠨ ᠭᠦᠮᠤᠨ ᠬᠠᠷ᠎ᠠ ᠳᠦᠷᠦᠭᠦᠳᠡᠨ ᠪᠢᠳᠠ᠂ ᠦᠪᠡᠷ ᠤᠨ ᠳᠠᠷᠢᠭᠢ ᠳᠤᠯᠤᠭᠠᠢ ᠪᠠᠨ ᠢᠯᠡᠭᠦᠤ ᠭᠦᠳᠡᠯᠭᠡᠵᠤ᠂ ᠢᠯᠡᠭᠦᠤ ᠭᠡᠷᠡᠭᠯᠡᠵᠤ ᠪᠠᠢ᠌ᠬᠤ ᠨᠢ ᠭᠡᠴᠦᠨᠡᠨ ᠴᠢᠬᠤᠯᠠ᠂ ᠭᠡᠴᠦᠨᠡᠨ ᠠᠴᠢ ᠳᠤᠰᠠ ᠲᠡᠶ ᠶᠠᠪᠣᠳᠠᠯ ᠪᠣᠯᠬᠤ ᠭᠡᠭ᠍ᠴᠢ ᠶᠢ ᠮᠠᠳᠠᠵᠤ ᠠᠪᠴᠤ ᠪᠣᠯᠬᠤ ᠪᠢᠰᠢ ᠦᠦ︖ ᠨᠠᠢ᠌ᠵᠠ ᠨᠡᠷ ᠮᠢᠨᠢ ᠡ︕
1988.10.25 ᠳᠤ᠂ ᠬᠦᠬᠡᠬᠤᠲᠠᠨ᠎ᠡ
ᠵᠤᠬᠢᠶᠠᠭᠴᠢ ᠶᠢᠨ《ᠵᠡᠭᠦᠳᠤᠨ ᠳᠤ ᠰᠥᠮᠡᠯᠵᠡᠭᠦ ᠣᠨ ᠵᠢᠯ》 ᠭᠡᠭᠦ (2009 ᠣᠨ ᠤ 9 ᠰᠠᠷ᠎ᠠ ᠳᠤ ᠭᠡᠪᠯᠡᠭᠦᠯᠦᠭ᠍ᠰᠡᠨ) ᠨᠠᠢ᠌ᠷᠠᠭᠤᠯᠤᠯ ᠤᠨ ᠳᠡᠭᠦᠪᠦᠷᠢ ᠡᠴᠡ᠃
ᠵᠤᠬᠢᠶᠠᠭᠴᠢ ᠶᠢᠨ ᠬᠠᠶᠢᠭ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ
ᠵᠤᠬᠢᠶᠠᠭᠴᠢ᠄ ᠭᠦᠷᠵᠠᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠥᠭᠥᠯᠡᠯ ᠰᠢᠭᠦᠮᠵᠢᠳᠠᠷᠤᠮ᠄ 12117
ᠴᠠᠭ᠄ 2009 ᠤᠨ ᠤ 12 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ